ᠮᠠᠷᠺ ᠭᠤᠷᠪᠠ
ᠠᠮᠠᠷᠠᠯ ᠤᠨ ᠡᠳᠦᠷ ᠢᠶᠡᠷ ᠡᠳᠡᠭᠡᠭᠡᠬᠦ
1 ᠢᠰᠦ᠋ᠰ ᠳᠠᠬᠢᠨ ᠬᠤᠷᠠᠯ ᠤᠨ ᠲᠠᠩᠬᠢᠮ ᠳᠤ ᠣᠷᠣᠬᠤ ᠳᠤ᠂ ᠥᠷᠥᠭᠡᠰᠦᠨ ᠭᠠᠷ ᠨᠢ ᠲᠠᠲᠠᠩ᠋ᠬᠠᠢ ᠨᠢᠭᠡ ᠬᠥᠮᠦᠨ ᠲᠡᠨᠳᠡ ᠪᠠᠢᠵᠠᠢ᠃ 2 ᠵᠠᠷᠢᠮ ᠨᠢ ᠢᠰᠦ᠋ᠰ ᠢ ᠵᠠᠭᠠᠯᠳᠤᠬᠤ ᠶᠢᠨ ᠲᠤᠯᠠᠳᠠ᠂ ᠠᠮᠠᠷᠠᠯ ᠤᠨ ᠡᠳᠦᠷ ᠲᠡᠷᠡ ᠬᠥᠮᠦᠨ ᠢ ᠡᠳᠡᠭᠡᠭᠡᠬᠦ ᠡᠰᠡᠬᠦ ᠶᠢ ᠨᠢ ᠠᠵᠢᠭᠯᠠᠵᠤ ᠪᠠᠢᠯ᠎ᠠ᠃ 3 ᠢᠰᠦ᠋ᠰ ᠲᠠᠲᠠᠩ᠋ᠬᠠᠢ ᠭᠠᠷ ᠲᠠᠢ ᠬᠥᠮᠦᠨ ᠳᠦ᠄ 《ᠪᠣᠰᠣᠭᠠᠳ ᠣᠯᠠᠨ ᠤ ᠳᠤᠮᠳᠠ ᠢᠷ᠎ᠡ︕》 ᠭᠡᠰᠡᠨ ᠢᠶᠡᠨ 4 ᠲᠡᠳᠡᠨ ᠳᠦ᠄ 《ᠠᠮᠠᠷᠠᠯ ᠤᠨ ᠡᠳᠦᠷ ᠰᠠᠢᠨ ᠢ ᠦᠢᠯᠡᠳᠬᠦ᠂ ᠡᠰᠡᠪᠡᠯ ᠮᠠᠭᠤ ᠶᠢ ᠦᠢᠯᠡᠳᠬᠦ᠂ ᠠᠮᠢ ᠠᠪᠤᠷᠠᠬᠤ᠂ ᠡᠰᠡᠪᠡᠯ ᠠᠮᠢ ᠬᠥᠨᠥᠭᠡᠬᠦ ᠶᠢᠨ ᠠᠯᠢ ᠨᠢ ᠵᠦᠢ ᠲᠡᠢ ᠪᠤᠢ︖》 ᠭᠡᠰᠡᠨ ᠳᠦ᠂ ᠲᠡᠳᠡ ᠳᠠᠭᠤ ᠦᠭᠡᠢ ᠪᠠᠢᠯ᠎ᠠ᠃ 5 ᠢᠰᠦ᠋ᠰ ᠠᠭᠤᠷ ᠲᠠᠢ ᠪᠠᠷ ᠲᠡᠳᠡᠨ ᠢ ᠰᠢᠷᠪᠢᠨ ᠬᠠᠷᠠᠭᠰᠠᠨ ᠢᠶᠠᠨ ᠰᠡᠳᠬᠢᠯ ᠤᠨ ᠬᠢᠨᠢ ᠬᠠᠲᠠᠭᠤ ᠳᠤ ᠭᠤᠨᠢᠭᠯᠠᠵᠤ᠂ ᠨᠥᠭᠥᠭᠡ ᠬᠥᠮᠦᠨ ᠳᠦ᠄ 《ᠭᠠᠷ ᠢᠶᠠᠨ ᠰᠤᠩ᠋ᠭ᠎ᠠ》 ᠭᠡᠪᠡ᠃ ᠥᠨᠥᠬᠢ ᠬᠥᠮᠦᠨ ᠭᠠᠷ ᠢᠶᠠᠨ ᠰᠤᠩ᠋ᠭᠠᠭᠰᠠᠨ ᠳᠤ᠂ ᠢᠯᠠᠷᠢᠰᠢᠭᠰᠠᠨ ᠪᠠᠢᠯ᠎ᠠ᠃ 6 ᠹᠠᠷᠢᠰᠠᠢᠴᠤᠳ ᠭᠠᠷᠴᠤ ᠢᠰᠦ᠋ᠰ ᠢ ᠬᠡᠷᠬᠢᠨ ᠬᠥᠨᠥᠭᠡᠬᠦ ᠲᠤᠬᠠᠢ ᠾᠧᠷᠣᠳ᠋ ᠤᠨ ᠬᠢᠨ ᠲᠠᠢ ᠲᠡᠷᠡ ᠳᠠᠷᠤᠢ ᠬᠤᠤᠪᠢᠯᠳᠤᠵᠠᠢ᠃
7 ᠢᠰᠦ᠋ᠰ ᠱᠠᠪᠢ ᠨᠠᠷ ᠲᠠᠢ ᠪᠠᠨ ᠬᠠᠮᠲᠤ ᠨᠠᠭᠤᠷ ᠵᠦᠭ ᠤᠬᠤᠷᠢᠬᠤ ᠳᠤ᠂ ᠭᠠᠯᠢᠯᠠᠶ᠎ᠠ ᠠᠴᠠ ᠦᠢ ᠲᠦᠮᠡᠨ ᠬᠥᠮᠦᠨ ᠳᠠᠭᠠᠪᠠ᠃ 8 ᠢᠰᠦ᠋ᠰ ᠤᠨ ᠬᠢᠭᠰᠡᠨ ᠪᠦᠬᠦᠨ ᠢ ᠰᠣᠨᠣᠰᠣᠭᠠᠳ ᠶᠦᠳᠠᠢ᠂ ᠶᠧᠷᠦ᠋ᠰᠠᠯᠧᠮ᠂ ᠢᠳᠦ᠋ᠮᠠᠶᠠ ᠪᠠ ᠶᠣᠷᠳᠠᠨ ᠭᠣᠣᠯ ᠤᠨ ᠲᠡᠷᠲᠡᠭᠡ ᠡᠴᠡ᠂ ᠲᠢᠷ ᠪᠣᠯᠣᠨ ᠰᠢᠢᠳᠣᠨ ᠤ ᠬᠠᠪᠢ ᠡᠴᠡ ᠮᠠᠰᠢ ᠣᠯᠠᠨ ᠬᠥᠮᠦᠨ ᠲᠡᠭᠦᠨ ᠦ ᠳᠡᠷᠭᠡᠳᠡ ᠢᠷᠡᠵᠡᠢ᠃ 9 ᠢᠰᠦ᠋ᠰ ᠬᠤᠷᠠᠭᠰᠠᠨ ᠣᠯᠠᠨ ᠳᠤ ᠰᠢᠬᠠᠭᠳᠠᠬᠤ ᠦᠭᠡᠢ ᠶᠢᠨ ᠲᠤᠯᠠᠳᠠ ᠵᠠᠪᠢ ᠪᠡᠯᠡᠳᠬᠡᠬᠦ ᠶᠢ ᠱᠠᠪᠢ ᠨᠠᠷ ᠲᠠᠭᠠᠨ ᠵᠠᠬᠢᠪᠠ᠃ 10 ᠤᠴᠢᠷ ᠨᠢ᠂ ᠢᠰᠦ᠋ᠰ ᠣᠯᠠᠨ ᠬᠥᠮᠦᠨ ᠢ ᠡᠳᠡᠭᠡᠭᠡᠭᠰᠡᠨ ᠲᠤᠯᠠ ᠡᠪᠡᠳᠴᠢᠨ ᠲᠡᠢ ᠬᠥᠮᠦᠨ ᠪᠣᠯᠭᠠᠨ ᠲᠡᠭᠦᠨ ᠳᠦ ᠭᠠᠷ ᠢᠶᠠᠨ ᠬᠦᠷᠭᠡᠬᠦ ᠭᠡᠵᠦ ᠢᠪᠡᠯᠴᠡᠨ ᠢᠷᠡᠵᠦ ᠪᠠᠢᠯ᠎ᠠ᠃ 11 ᠪᠤᠵᠠᠷ ᠴᠢᠳᠬᠥᠷ ᠤᠳ ᠢᠰᠦ᠋ᠰ ᠢ ᠬᠠᠷᠠᠬᠤ ᠪᠣᠯᠭᠠᠨ ᠳᠠᠭᠠᠨ ᠡᠮᠦᠨ᠎ᠡ ᠨᠢ ᠤᠨᠠᠵᠤ᠄ 《ᠲᠠ ᠪᠣᠯ ᠪᠤᠷᠬᠠᠨ ᠤ ᠬᠦᠦ ᠮᠥᠨ》 ᠭᠡᠵᠦ ᠬᠠᠰᠬᠢᠷᠤᠯᠳᠤᠳᠠᠭ ᠪᠠᠢᠪᠠ᠃ 12 ᠬᠠᠷᠢᠨ ᠢᠰᠦ᠋ᠰ᠄ 《ᠮᠢᠨᠦ ᠲᠤᠬᠠᠢ ᠪᠢᠲᠡᠭᠡᠢ ᠦᠭᠡ ᠭᠠᠷᠭ᠎ᠠ》 ᠭᠡᠵᠦ ᠬᠠᠲᠠᠭᠤ ᠰᠠᠨᠠᠭᠤᠯᠪᠠ᠃
ᠢᠰᠦ᠋ᠰ ᠠᠷᠪᠠᠨ ᠬᠣᠶᠠᠷ ᠢᠶᠠᠨ ᠰᠣᠩ᠋ᠭᠣᠭᠰᠠᠨ ᠨᠢ
13 ᠢᠰᠦ᠋ᠰ ᠠᠭᠤᠯᠠᠨ ᠳᠤ ᠭᠠᠷᠴᠤ ᠥᠪᠡᠷ ᠦᠨ ᠬᠦᠰᠡᠭᠰᠡᠨ ᠬᠥᠮᠦᠰ ᠢᠶᠡᠨ ᠳᠠᠭᠤᠳᠠᠭᠰᠠᠨᠠ᠂ ᠲᠡᠳᠡ ᠲᠡᠭᠦᠨ ᠤᠷᠤᠭᠤ ᠢᠷᠡᠵᠡᠭᠡᠭᠰᠡᠨ ᠳᠦ᠂ 14 [ᠠᠷᠪᠠᠨ ᠬᠣᠶᠠᠷ ᠢ ᠲᠣᠮᠢᠯᠠᠨ ᠰᠢᠳᠠᠷ ᠱᠠᠪᠢ ᠭᠡᠵᠦ ᠨᠡᠷᠡᠯᠡᠪᠡ᠃] ᠲᠡᠷᠡ ᠲᠡᠳᠡᠨ ᠢ ᠥᠪᠡᠷ ᠲᠡᠢ ᠪᠡᠨ ᠬᠠᠮᠲᠤ ᠪᠠᠢᠯᠭᠠᠵᠤ᠂ ᠦᠭᠡ ᠶᠢ ᠲᠤᠩ᠋ᠬᠠᠭᠯᠠᠭᠤᠯᠬᠤ ᠪᠠᠷ ᠢᠯᠡᠭᠡᠨ᠂ 15 ᠴᠢᠳᠬᠥᠷ ᠤᠳ ᠢ ᠬᠥᠭᠡᠭᠡᠬᠦ ᠡᠷᠬᠡ ᠮᠡᠳᠡᠯ ᠲᠡᠢ ᠪᠣᠯᠭᠠᠬᠤ ᠭᠡᠰᠡᠨ ᠶᠤᠮ᠃ 16 ᠲᠡᠭᠦᠨ ᠦ ᠲᠣᠮᠢᠯᠠᠭᠰᠠᠨ ᠠᠷᠪᠠᠨ ᠬᠣᠶᠠᠷ ᠬᠥᠮᠦᠨ ᠪᠣᠯ ᠰᠢᠮᠣᠨ (ᠲᠡᠭᠦᠨ ᠳᠦ ᠫᠧᠲ᠋ᠧᠷ ᠭᠡᠳᠡᠭ ᠨᠡᠷ᠎ᠡ ᠰᠣᠶᠣᠷᠬᠠᠪᠠ)᠂ 17 ᠽᠧᠪᠧᠳᠠᠢ ᠶᠢᠨ ᠬᠦᠦ ᠶᠠᠺᠣᠪ ᠪᠣᠯᠣᠨ ᠲᠡᠭᠦᠨ ᠦ ᠳᠡᠭᠦᠦ ᠶᠣᠬᠠᠨ (ᠲᠡᠳᠡ ᠬᠣᠶᠠᠭᠤᠯᠠ ᠳᠤ ᠠᠶᠤᠩ᠋ᠭ᠎ᠠ ᠶᠢᠨ ᠬᠥᠪᠡᠭᠦᠨ ᠭᠡᠰᠡᠨ ᠤᠳᠬ᠎ᠠ ᠲᠠᠢ ᠪᠤᠸᠠᠨᠧᠷᠭᠧᠰ ᠭᠡᠳᠡᠭ ᠨᠡᠷ᠎ᠡ ᠰᠣᠶᠣᠷᠬᠠᠪᠠ)᠂ 18 ᠠᠨᠳ᠋ᠷᠧ᠂ ᠹᠢᠯᠢᠫ᠂ ᠪᠠᠷᠲ᠋ᠣᠯᠣᠮᠠᠢ᠂ ᠮᠠᠲ᠋ᠠᠢ᠂ ᠲᠣᠮᠠ᠂ ᠠᠯᠹᠠᠢ ᠶᠢᠨ ᠬᠦᠦ ᠶᠠᠺᠣᠪ᠂ ᠲᠠᠳᠠᠢ᠂ ᠬᠡᠲᠦᠷᠡᠮᠡᠭᠡᠢ ᠪᠦᠯᠦᠭ ᠦᠨ ᠰᠢᠮᠣᠨ ᠪᠣᠯᠣᠨ 19 ᠢᠰᠦ᠋ᠰ ᠢ ᠪᠠᠷᠢᠭᠤᠯᠤᠭᠰᠠᠨ ᠢᠰᠺᠠᠷᠢᠣᠲ ᠤᠨ ᠶᠦᠳᠠ ᠪᠠᠢᠯ᠎ᠠ᠃
20 ᠢᠰᠦ᠋ᠰ ᠨᠥᠭᠥᠭᠡ ᠭᠡᠷ ᠲᠦ ᠣᠷᠣᠪᠠ᠃ ᠪᠠᠰᠠ ᠯᠠ ᠣᠯᠠᠨ ᠬᠥᠮᠦᠨ ᠴᠤᠭᠯᠠᠷᠠᠭᠰᠠᠨ ᠲᠤᠯᠠ ᠲᠡᠳᠡ ᠬᠣᠭᠣᠯᠠ ᠢᠳᠡᠬᠦ ᠵᠠᠪ ᠴᠤ ᠦᠭᠡᠢ ᠪᠠᠢᠯ᠎ᠠ᠃ 21 ᠢᠰᠦ᠋ᠰ ᠤᠨ ᠭᠡᠷ ᠦᠨ ᠬᠢᠨ ᠡᠳᠡᠭᠡᠷ ᠢ ᠰᠣᠨᠣᠰᠣᠭᠠᠳ ᠲᠡᠭᠦᠨ ᠢ ᠠᠪᠠᠴᠢᠬᠤ ᠪᠠᠷ ᠭᠠᠷᠴᠤ ᠢᠷᠡᠪᠡ᠃ ᠤᠴᠢᠷ ᠨᠢ᠂ ᠬᠥᠮᠦᠰ ᠲᠡᠭᠦᠨ ᠢ ᠰᠣᠯᠢᠶᠠᠷᠠᠵᠠᠢ ᠭᠡᠰᠡᠨ ᠪᠠᠢᠵᠠᠢ᠃ 22 ᠶᠧᠷᠦ᠋ᠰᠠᠯᠧᠮ ᠡᠴᠡ ᠢᠷᠡᠭᠰᠡᠨ ᠪᠢᠴᠢᠭᠲᠡᠳ᠄ 《ᠲᠡᠭᠦᠨ ᠳᠦ ᠪᠧᠯᠽᠧᠪᠦ᠋ᠯ ᠣᠷᠣᠰᠢᠭᠰᠠᠨ》᠂ 《ᠲᠡᠷᠡ ᠪᠡᠷ ᠴᠢᠳᠬᠥᠷ ᠤᠳ ᠤᠨ ᠲᠣᠯᠣᠭᠠᠢᠯᠠᠭᠴᠢ ᠶᠢ ᠲᠦᠰᠢᠵᠦ ᠴᠢᠳᠬᠥᠷ ᠤᠳ ᠢ ᠬᠥᠭᠡᠭᠡᠳᠡᠭ》 ᠭᠡᠵᠡᠭᠡᠵᠦ ᠪᠠᠢᠯ᠎ᠠ᠃ 23 ᠢᠰᠦ᠋ᠰ ᠲᠡᠳᠡᠨ ᠢ ᠳᠠᠭᠤᠳᠠᠵᠤ ᠦᠯᠢᠭᠡᠷᠯᠡᠯ ᠢᠶᠡᠷ᠄ 《ᠰᠠᠲ᠋ᠠᠨ ᠰᠠᠲ᠋ᠠᠨ ᠢᠶᠠᠨ ᠬᠡᠷᠬᠢᠨ ᠬᠥᠭᠡᠭᠡᠵᠦ ᠴᠢᠳᠠᠬᠤ ᠪᠢᠯᠡ︖ 24 ᠤᠯᠤᠰ ᠳᠣᠲᠣᠷ᠎ᠠ ᠪᠠᠨ ᠬᠠᠭᠠᠷᠠᠪᠠᠯ᠂ ᠲᠡᠷᠡ ᠤᠯᠤᠰ ᠲᠣᠭᠲᠠᠨᠢᠵᠤ ᠴᠢᠳᠠᠬᠤ ᠦᠭᠡᠢ᠃ 25 ᠭᠡᠷ ᠳᠣᠲᠣᠷ᠎ᠠ ᠪᠠᠨ ᠬᠠᠭᠠᠷᠠᠪᠠᠯ᠂ ᠲᠡᠷᠡ ᠭᠡᠷ ᠲᠣᠭᠲᠠᠨᠢᠵᠤ ᠴᠢᠳᠠᠬᠤ ᠦᠭᠡᠢ᠃ 26 ᠬᠡᠷᠪᠡ ᠰᠠᠲ᠋ᠠᠨ ᠥᠪᠡᠷ ᠦᠨ ᠢᠶᠠᠨ ᠡᠰᠡᠷᠭᠦ ᠪᠣᠰᠴᠤ ᠬᠠᠭᠠᠷᠠᠯ ᠭᠠᠷᠪᠠᠯ ᠮᠥᠨ ᠲᠣᠭᠲᠠᠨᠢᠵᠤ ᠴᠢᠳᠠᠬᠤ ᠦᠭᠡᠢ᠂ ᠬᠠᠷᠢᠨ ᠳᠠᠭᠤᠰᠤᠨ᠎ᠠ᠃ 27 ᠬᠦᠴᠦᠲᠡᠨ ᠢ ᠤᠷᠢᠳᠠᠪᠠᠷ ᠬᠦᠯᠢᠬᠦ ᠡᠴᠡ ᠨᠠᠰᠢ᠂ ᠬᠡᠨ ᠴᠤ ᠭᠡᠷ ᠲᠤᠨᠢ ᠣᠷᠣᠭᠠᠳ ᠡᠳ᠋ ᠬᠥᠷᠥᠩᠭᠡ ᠶᠢ ᠨᠢ ᠲᠣᠨᠣᠵᠤ ᠴᠢᠳᠠᠬᠤ ᠦᠭᠡᠢ᠂ ᠬᠠᠷᠢᠨ ᠬᠦᠯᠢᠴᠢᠭᠡᠭᠡᠳ ᠯᠠ ᠭᠡᠷ ᠢ ᠨᠢ ᠲᠣᠨᠣᠬᠤ ᠪᠣᠯᠣᠨ᠎ᠠ᠃
28 ᠲᠠ ᠨᠠᠷ ᠲᠤ ᠪᠠᠲᠤᠲᠠᠢ ᠬᠡᠯᠡᠶ᠎ᠡ᠃ ᠬᠥᠮᠦᠨ ᠦ ᠪᠦᠬᠦ ᠭᠡᠮ ᠨᠢᠭᠦᠯ᠂ ᠳᠣᠷᠣᠮᠵᠢᠯᠠᠯ ᠠᠭᠤᠴᠢᠯᠠᠭᠳᠠᠨ᠎ᠠ᠃ 29 ᠬᠠᠷᠢᠨ ᠠᠷᠢᠭᠤᠨ ᠰᠦᠨᠡᠰᠦ ᠶᠢ ᠳᠣᠷᠣᠮᠵᠢᠯᠠᠭᠴᠢ ᠨᠢ ᠬᠡᠵᠢᠶ᠎ᠡ ᠴᠤ ᠠᠭᠤᠴᠢᠯᠠᠭᠳᠠᠬᠤ ᠦᠭᠡᠢ ᠪᠥᠭᠡᠳ ᠡᠭᠦᠷᠢᠳᠡ ᠨᠢᠭᠦᠯ ᠲᠡᠢ ᠪᠠᠢᠳᠠᠭ》 ᠭᠡᠪᠡ᠃ 30 《ᠲᠡᠭᠦᠨ ᠳᠦ ᠪᠤᠵᠠᠷ ᠴᠢᠳᠬᠥᠷ ᠣᠷᠣᠰᠢᠭᠰᠠᠨ》 ᠭᠡᠵᠦ ᠬᠥᠮᠦᠰ ᠬᠡᠯᠡᠭᠰᠡᠨ ᠤᠴᠢᠷ ᠠᠴᠠ ᠲᠡᠷᠡ ᠢᠩᠭᠢᠵᠦ ᠶᠠᠷᠢᠵᠠᠢ᠃
31 ᠲᠡᠷᠡ ᠦᠶ᠎ᠡ ᠳᠦ ᠢᠰᠦ᠋ᠰ ᠤᠨ ᠡᠵᠢ ᠪᠣᠯᠣᠨ ᠳᠡᠭᠦᠦ ᠨᠠᠷ ᠨᠢ ᠢᠷᠡᠭᠡᠳ ᠭᠠᠳᠠᠨ᠎ᠠ ᠵᠣᠭᠰᠣᠵᠤ ᠲᠡᠭᠦᠨ ᠢ ᠳᠠᠭᠤᠳᠠᠭᠤᠯᠪᠠ᠃ 32 ᠢᠰᠦ᠋ᠰ ᠢ ᠲᠣᠭᠣᠷᠢᠨ ᠰᠠᠭᠤᠵᠤ ᠪᠤᠢ ᠣᠯᠠᠨ ᠬᠥᠮᠦᠨ ᠲᠡᠭᠦᠨ ᠳᠦ᠄ 《ᠬᠠᠷᠠᠭᠠᠴᠢ᠂ ᠲᠠᠨ ᠤ ᠡᠵᠢ ᠪᠣᠯᠣᠨ ᠳᠡᠭᠦᠦ ᠨᠠᠷ ᠭᠠᠳᠠᠨ᠎ᠠ ᠲᠠᠨ ᠢ ᠬᠠᠢᠵᠤ ᠪᠠᠢᠨ᠎ᠠ》 ᠭᠡᠬᠦ ᠳᠦ᠂ 33 ᠢᠰᠦ᠋ᠰ ᠬᠠᠷᠢᠭᠤᠯᠤᠨ᠄ 《ᠬᠡᠨ ᠮᠢᠨᠦ ᠡᠵᠢ᠂ ᠬᠡᠨ ᠮᠢᠨᠦ ᠳᠡᠭᠦᠦ ᠨᠠᠷ ᠶᠤᠮ ᠪᠤᠢ︖》 ᠭᠡᠰᠡᠨ ᠢᠶᠡᠨ᠂ 34 ᠬᠦᠷᠢᠶᠡᠯᠡᠨ ᠰᠠᠭᠤᠭᠴᠢᠳ ᠢ ᠬᠠᠷᠠᠭᠠᠳ᠄ 《ᠠᠩ᠋ᠬᠠᠷᠤᠭᠲᠤᠨ᠂ ᠮᠢᠨᠦ ᠡᠵᠢ ᠪᠣᠯᠣᠨ ᠮᠢᠨᠦ ᠳᠡᠭᠦᠦ ᠨᠠᠷ ᠡᠨᠡ ᠪᠠᠢᠨ᠎ᠠ — 35 ᠪᠤᠷᠬᠠᠨ ᠤ ᠰᠠᠨᠠᠭ᠎ᠠ ᠶᠢ ᠪᠡᠶᠡᠯᠡᠭᠦᠯᠦᠭᠴᠢ ᠪᠣᠯᠭᠠᠨ ᠮᠢᠨᠦ ᠬᠦᠦ ᠳᠡᠭᠦᠦ᠂ ᠥᠬᠢᠨ ᠳᠡᠭᠦᠦ ᠪᠣᠯᠣᠨ ᠡᠵᠢ ᠮᠥᠨ》 ᠭᠡᠪᠡ᠃