1 2 3 4 5 6 7 8 9 10 11 12 13 14 15 16


ᠮᠠᠷᠺ ᠠᠷᠪᠠᠨ ᠵᠢᠷᠭᠤᠭ᠎ᠠ
 ᠢᠰᠦ᠋ᠰ ᠠᠮᠢᠯᠠᠭᠰᠠᠨ ᠨᠢ

1 ᠠᠮᠠᠷᠠᠯ ᠤᠨ ᠡᠳᠦᠷ ᠪᠦᠷᠦᠢ ᠪᠣᠯᠣᠭᠰᠠᠨ ᠤ ᠳᠠᠷᠠᠭ᠎ᠠ᠂ ᠮᠠᠭᠳᠠᠯ ᠤᠨ ᠮᠠᠷᠢᠶᠠ᠂ ᠶᠠᠺᠣᠪ ᠤᠨ ᠡᠬᠡ ᠮᠠᠷᠢᠶᠠ ᠪᠣᠯᠣᠨ ᠰᠠᠯᠣᠮᠧ ᠨᠠᠷ ᠢᠰᠦ᠋ᠰ ᠢ ᠲᠣᠰᠣᠯᠠᠬᠤ ᠪᠠᠷ ᠣᠴᠢᠬᠤ ᠶᠢᠨ ᠲᠤᠯᠠᠳᠠ ᠠᠩᠬᠢᠯᠤᠮ᠎ᠠ ᠦᠨᠦᠷᠲᠡᠨ ᠢ ᠬᠤᠳᠠᠯᠳᠤᠨ ᠠᠪᠤᠯ᠎ᠠ᠃ 2 ᠠᠮᠠᠷᠠᠯ ᠤᠨ ᠳᠠᠷᠠᠭᠠᠬᠢ ᠡᠳᠦᠷ ᠦᠨ ᠥᠷᠯᠥᠭᠡ ᠡᠷᠲᠡ ᠨᠠᠷᠠ ᠮᠠᠨᠳᠤᠮᠠᠭᠴᠠ ᠲᠡᠳᠡ ᠪᠤᠯᠠᠰᠢ ᠤᠷᠤᠭᠤ ᠶᠠᠪᠤᠪᠠ᠃ 3 ᠲᠡᠳᠡ ᠬᠣᠭᠣᠷᠣᠨᠳᠣ ᠪᠠᠨ᠄ 《ᠪᠤᠯᠠᠰᠢᠨ ᠤ ᠠᠮᠠᠨ ᠠᠴᠠ ᠲᠡᠷᠡ ᠴᠢᠯᠠᠭᠤ ᠶᠢ ᠬᠡᠨ ᠪᠢᠳᠡᠨ ᠳᠦ ᠥᠩᠬᠥᠷᠢᠭᠦᠯᠵᠦ ᠥᠭᠬᠦ ᠪᠢᠯᠡ︖》 ᠭᠡᠵᠦ ᠶᠠᠷᠢᠯᠴᠠᠭᠰᠠᠨ ᠢᠶᠠᠨ᠂ 4 ᠳᠡᠭᠡᠭᠰᠢ ᠪᠠᠨ ᠬᠠᠷᠠᠬᠤ ᠳᠤ᠂ ᠥᠨᠥᠬᠢ ᠮᠤᠨᠳᠠᠭ ᠲᠣᠮᠣ ᠴᠢᠯᠠᠭᠤ ᠥᠩᠬᠥᠷᠢᠭᠦᠯᠦᠭᠳᠡᠴᠢᠭᠡᠭᠰᠡᠨ ᠪᠠᠢᠯ᠎ᠠ᠃ 5 ᠲᠡᠳᠡ ᠪᠤᠯᠠᠰᠢᠨ ᠳᠤ ᠣᠷᠣᠭᠠᠳ ᠪᠠᠷᠠᠭᠤᠨ ᠭᠠᠷ ᠲᠠᠯ᠎ᠠ ᠳᠤᠨᠢ ᠴᠠᠭᠠᠨ ᠨᠥᠮᠥᠷᠭᠡ ᠲᠠᠢ ᠵᠠᠯᠠᠭᠤ ᠰᠠᠭᠤᠵᠤ ᠪᠠᠢᠬᠤ ᠶᠢ ᠬᠠᠷᠠᠭᠠᠳ ᠴᠣᠴᠢᠷᠳᠠᠪᠠ᠃ 6 ᠲᠡᠷᠡ ᠵᠠᠯᠠᠭᠤ᠄ 《ᠪᠦᠦ ᠴᠣᠴᠢᠷᠳᠠ᠂ ᠲᠠ ᠨᠠᠷ ᠵᠠᠭᠠᠯᠮᠠᠢ ᠳᠤ ᠴᠣᠪᠳᠣᠯᠠᠭᠳᠠᠭᠰᠠᠨ ᠨᠠᠽᠠᠷᠧᠲ ᠤᠨ ᠢᠰᠦ᠋ᠰ ᠢ ᠡᠷᠢᠵᠦ ᠪᠠᠢᠭ᠎ᠠ ᠪᠢᠵᠡ᠂ ᠲᠡᠷᠡ ᠠᠮᠢᠯᠠᠭᠰᠠᠨ᠂ ᠡ᠊ᠨᠳᠡ ᠪᠠᠢᠬᠤ ᠦᠭᠡᠢ᠃ ᠬᠠᠷᠠᠭᠠᠴᠢ᠂ ᠲᠡᠭᠦᠨ ᠢ ᠲᠠᠯᠪᠢᠭᠰᠠᠨ ᠭᠠᠵᠠᠷ ᠪᠣᠯ ᠡᠨᠡ᠃ 7 ᠬᠠᠷᠢᠨ ᠲᠠ ᠨᠠᠷ ᠲᠡᠭᠦᠨ ᠦ ᠱᠠᠪᠢ ᠨᠠᠷ ᠪᠣᠯᠣᠨ ᠫᠧᠲ᠋ᠧᠷ ᠲᠤ ᠣᠴᠢᠵᠤ᠄ 〈ᠢᠰᠦ᠋ᠰ ᠲᠠ ᠨᠠᠷ ᠠᠴᠠ ᠤᠷᠢᠳᠠᠪᠠᠷ ᠭᠠᠯᠢᠯᠠᠶ᠎ᠠ ᠳᠤ ᠣᠴᠢᠨ᠎ᠠ᠃ ᠲᠡᠭᠦᠨ ᠦ ᠲᠠ ᠨᠠᠷ ᠲᠤ ᠬᠡᠯᠡᠭᠰᠡᠨᠴᠢᠯᠡᠨ ᠲᠠ ᠨᠠᠷ ᠲᠡᠭᠦᠨ ᠢ ᠲᠡᠨᠳᠡ ᠬᠠᠷᠠᠬᠤ ᠪᠣᠯᠣᠨ᠎ᠠ〉 ᠭᠡᠵᠦ ᠬᠡᠯᠡᠭᠡᠷᠡᠢ》 ᠭᠡᠪᠡ᠃ 8 ᠡᠮᠡᠭᠲᠡᠢᠴᠦᠳ ᠴᠡᠴᠡᠷᠡᠨ ᠰᠦᠷᠳᠡᠵᠦ ᠪᠤᠯᠠᠰᠢᠨ ᠠᠴᠠ ᠭᠠᠷᠴᠤ ᠳᠤᠲᠠᠭᠠᠪᠠ᠃ ᠲᠡᠳᠡ ᠠᠶᠤᠭᠰᠠᠨ ᠠᠴᠠ ᠪᠣᠯᠵᠤ ᠬᠡᠨ ᠳᠦ ᠴᠤ᠂ ᠶᠠᠭᠤ ᠴᠤ ᠬᠡᠯᠡᠵᠦ ᠴᠢᠳᠠᠭᠰᠠᠨ ᠦᠭᠡᠢ᠃

9 [ᠠᠮᠠᠷᠠᠯ ᠤᠨ ᠳᠠᠷᠠᠭᠠᠬᠢ ᠡᠳᠦᠷ ᠦᠨ ᠥᠷᠯᠥᠭᠡ᠂ ᠢᠰᠦ᠋ᠰ ᠠᠮᠢᠯᠠᠵᠤ ᠠᠩᠬ᠎ᠠ ᠮᠠᠭᠳᠠᠯ ᠤᠨ ᠮᠠᠷᠢᠶᠠ (ᠤᠷᠢᠳᠤ ᠨᠢ ᠢᠰᠦ᠋ᠰ ᠲᠡᠭᠦᠨ ᠡᠴᠡ ᠳᠣᠯᠣᠭᠠᠨ ᠴᠢᠳᠬᠥᠷ ᠢ ᠬᠥᠭᠡᠭᠡᠵᠦ ᠥᠭᠭᠥᠭᠰᠡᠨ ᠶᠤᠮ᠃) ᠳᠤ ᠢᠯᠡᠷᠡᠵᠡᠢ᠃ 10 ᠢᠰᠦ᠋ᠰ ᠲᠠᠢ ᠬᠠᠮᠲᠤ ᠪᠠᠢᠭᠰᠠᠨ ᠬᠥᠮᠦᠰ ᠭᠠᠰᠢᠭᠤᠳᠠᠨ ᠤᠬᠢᠯᠠᠵᠤ ᠪᠠᠢᠬᠤ ᠳᠤ᠂ ᠮᠠᠷᠢᠶᠠ ᠲᠡᠳᠡᠨ ᠳᠡᠭᠡᠷ᠎ᠡ ᠣᠴᠢᠵᠤ ᠲᠡᠷᠡ ᠮᠡᠳᠡᠭᠡ ᠶᠢ ᠬᠦᠷᠭᠡᠭᠰᠡᠨ ᠪᠣᠯᠪᠠᠴᠤ ᠲᠡᠳᠡ 11 ᠢᠰᠦ᠋ᠰ ᠤᠨ ᠠᠮᠢᠳᠤ ᠪᠠᠢᠭ᠎ᠠ ᠪᠠ ᠮᠠᠷᠢᠶᠠ ᠳᠤ ᠦᠵᠡᠭᠳᠡᠭᠰᠡᠨ ᠢ ᠰᠣᠨᠣᠰᠣᠭᠠᠳ ᠢᠲᠡᠭᠡᠭᠰᠡᠨ ᠦᠭᠡᠢ᠃

12 ᠲᠡᠭᠦᠨ ᠡᠴᠡ ᠬᠣᠢᠰᠢ᠂ ᠲᠡᠳᠡᠨ ᠦ ᠬᠣᠶᠠᠷ ᠨᠢ ᠬᠥᠳᠡᠭᠡ ᠤᠷᠤᠭᠤ ᠶᠠᠪᠠᠭᠠᠨ ᠶᠠᠪᠤᠵᠤ ᠪᠠᠢᠲᠠᠯ᠎ᠠ ᠢᠰᠦ᠋ᠰ ᠥᠭᠡᠷ᠎ᠡ ᠳᠦᠷᠢ ᠪᠠᠷ ᠢᠯᠡᠷᠡᠵᠡᠢ᠃ 13 ᠲᠡᠳᠡ ᠬᠣᠶᠠᠭᠤᠯᠠ ᠪᠠᠨ ᠪᠤᠴᠠᠵᠤ ᠪᠤᠰᠤᠳ ᠲᠠᠭᠠᠨ ᠳᠤᠭᠤᠯᠭᠠᠭᠰᠠᠨ ᠳᠤ᠂ ᠬᠡᠨ ᠴᠤ ᠲᠡᠳᠡᠨ ᠦ ᠦᠭᠡ ᠶᠢ ᠢᠲᠡᠭᠡᠭᠰᠡᠨ ᠦᠭᠡᠢ᠃
 ᠱᠠᠪᠢ ᠨᠠᠷ ᠡᠭᠦᠷᠭᠡ ᠬᠦᠯᠢᠶᠡᠵᠦ ᠠᠪᠤᠭᠰᠠᠨ ᠨᠢ

14 ᠡᠭᠦᠨ ᠦ ᠳᠠᠷᠠᠭ᠎ᠠ᠂ ᠠᠷᠪᠠᠨ ᠨᠢᠭᠡᠨ ᠱᠠᠪᠢ ᠨᠢ ᠬᠣᠭᠣᠯᠠᠯᠠᠵᠤ ᠪᠠᠢᠬᠤ ᠳᠤ᠂ ᠢᠰᠦ᠋ᠰ ᠢᠯᠡᠷᠡᠭᠡᠳ ᠲᠡᠳᠡᠨ ᠦ ᠢᠲᠡᠭᠡᠯ ᠦᠭᠡᠢ ᠪᠠ ᠤᠬᠠᠭᠠᠨ ᠮᠣᠬᠣᠭᠣ ᠶᠢ ᠵᠢᠮᠡᠯᠡᠪᠡ᠃ ᠤᠴᠢᠷ ᠨᠢ᠂ ᠲᠡᠳᠡ ᠢᠰᠦ᠋ᠰ ᠤᠨ ᠠᠮᠢᠯᠠᠭᠰᠠᠨ ᠢ ᠬᠠᠷᠠᠭᠰᠠᠨ ᠬᠥᠮᠦᠰ ᠦᠨ ᠦᠭᠡᠨ ᠳᠦ ᠢᠲᠡᠭᠡᠭᠰᠡᠨ ᠦᠭᠡᠢ ᠠᠵᠢ᠃ 15 ᠢᠰᠦ᠋ᠰ ᠲᠡᠳᠡᠨ ᠳᠦ᠄ 《ᠳᠡᠯᠡᠬᠡᠢ ᠳᠠᠶᠠᠭᠠᠷ ᠶᠠᠪᠤᠵᠤ᠂ ᠪᠦᠲᠦᠭᠡᠭᠳᠡᠭᠰᠡᠨ ᠪᠦᠬᠦᠨ ᠳᠦ ᠪᠠᠶᠠᠷ ᠤᠨ ᠮᠡᠳᠡᠭᠡ ᠶᠢ ᠳᠡᠯᠭᠡᠷᠡᠭᠦᠯᠦᠭᠲᠦᠨ︕ 16 ᠢᠲᠡᠭᠡᠵᠦ ᠤᠬᠢᠶᠠᠯ ᠬᠦᠷᠲᠡᠭᠰᠡᠨ ᠬᠥᠮᠦᠨ ᠠᠪᠤᠷᠠᠭᠳᠠᠨ᠎ᠠ᠃ ᠢᠲᠡᠭᠡᠬᠦ ᠦᠭᠡᠢ ᠬᠥᠮᠦᠨ ᠶᠠᠯᠠᠯᠠᠭᠳᠠᠨ᠎ᠠ᠃ 17 ᠢᠲᠡᠭᠡᠭᠴᠢᠳ ᠢ ᠳᠠᠷᠠᠭᠠᠬᠢ ᠲᠡᠮᠳᠡᠭ ᠤᠳ ᠳᠠᠭᠠᠯᠳᠤᠬᠤ ᠪᠣᠯᠣᠨ᠎ᠠ᠄ ᠲᠡᠳᠡ ᠮᠢᠨᠦ ᠨᠡᠷ᠎ᠡ ᠪᠡᠷ ᠴᠢᠳᠬᠥᠷ ᠤᠳ ᠢ ᠬᠥᠭᠡᠭᠡᠨ᠂ ᠰᠢᠨ᠎ᠡ ᠬᠡᠯᠡ ᠨᠦᠭᠦᠳ ᠢᠶᠡᠷ ᠶᠠᠷᠢᠵᠤ᠂ 18 ᠭᠠᠷ ᠢᠶᠠᠷ ᠢᠶᠠᠨ ᠮᠣᠭᠠᠢ ᠪᠠᠷᠢᠬᠤ ᠪᠥᠭᠡᠳ ᠬᠣᠣᠷᠲᠠᠢ ᠶᠠᠭᠤᠮ᠎ᠠ ᠶᠢ ᠤᠤᠭᠤᠭᠰᠠᠨ ᠴᠤ ᠶᠡᠷᠦ ᠬᠣᠣᠷᠳᠠᠬᠤ ᠦᠭᠡᠢ᠂ ᠡᠪᠡᠳᠴᠢᠲᠡᠨ ᠦ ᠳᠡᠭᠡᠷ᠎ᠡ ᠭᠠᠷ ᠢᠶᠠᠨ ᠲᠠᠯᠪᠢᠪᠠᠯ ᠡᠳᠡᠭᠡᠭᠡᠨ᠎ᠡ》 ᠭᠡᠵᠦ ᠬᠡᠯᠡᠪᠡ᠃

19 ᠢᠩᠭᠢᠵᠦ ᠡᠵᠡᠨ ᠢᠰᠦ᠋ᠰ ᠲᠡᠳᠡᠨ ᠳᠦ ᠶᠠᠷᠢᠭᠰᠠᠨ ᠤ ᠳᠠᠷᠠᠭ᠎ᠠ᠂ ᠲᠩᠷᠢ ᠳᠤ ᠠᠪᠠᠴᠢᠭᠳᠠᠵᠤ ᠪᠤᠷᠬᠠᠨ ᠤ ᠪᠠᠷᠠᠭᠤᠨ ᠲᠠᠯ᠎ᠠ ᠳᠤ ᠰᠠᠭᠤᠪᠠ᠃ 20 ᠲᠡᠳᠡ ᠭᠠᠵᠠᠷ ᠰᠠᠢ ᠦᠭᠡᠢ ᠶᠠᠪᠤᠵᠤ ᠪᠠᠶᠠᠷ ᠤᠨ ᠮᠡᠳᠡᠭᠡ ᠤᠯᠠᠮᠵᠢᠯᠠᠪᠠ᠃ ᠡᠵᠡᠨ ᠲᠡᠳᠡᠨ ᠲᠡᠢ ᠬᠠᠮᠲᠤ ᠠᠵᠢᠯᠯᠠᠵᠤ᠂ ᠦᠭᠡ ᠪᠡᠨ ᠳᠠᠭᠠᠯᠳᠤᠬᠤ ᠲᠡᠮᠳᠡᠭ ᠤᠳ ᠢᠶᠠᠷ ᠢᠶᠠᠨ ᠪᠠᠲᠤᠯᠠᠵᠠᠢ᠃]