ᠮᠠᠷᠺ ᠳᠥᠷᠪᠡ
ᠦᠷ᠎ᠡ ᠰᠠᠴᠤᠭᠴᠢ ᠪᠠ ᠬᠥᠷᠥᠰᠥ ᠶᠢᠨ ᠦᠯᠢᠭᠡᠷᠯᠡᠯ
1 ᠢᠰᠦ᠋ᠰ ᠨᠠᠭᠤᠷ ᠤᠨ ᠬᠥᠪᠡᠭᠡᠨ ᠳᠦ ᠳᠠᠬᠢᠨ ᠰᠤᠷᠭᠠᠯ ᠵᠢᠭᠠᠵᠤ ᠡᠬᠢᠯᠡᠪᠡ᠃ ᠲᠡᠭᠦᠨ ᠦ ᠳᠡᠷᠭᠡᠳᠡ ᠦᠢ ᠲᠦᠮᠡᠨ ᠬᠥᠮᠦᠨ ᠴᠤᠭᠯᠠᠷᠠᠭᠰᠠᠨ ᠲᠤᠯᠠ ᠲᠡᠷᠡ ᠨᠠᠭᠤᠷ ᠳᠠᠬᠢ ᠵᠠᠪᠢᠨ ᠳᠤ ᠭᠠᠷᠴᠤ ᠰᠠᠭᠤᠪᠠ᠃ ᠬᠤᠷᠠᠭᠰᠠᠨ ᠣᠯᠠᠨ ᠴᠥᠮ ᠢᠶᠡᠷ ᠢᠶᠠᠨ ᠨᠠᠭᠤᠷ ᠤᠨ ᠬᠥᠪᠡᠭᠡᠨ ᠳᠦ ᠪᠠᠢᠯ᠎ᠠ᠃ 2 ᠢᠰᠦ᠋ᠰ ᠦᠯᠢᠭᠡᠷᠯᠡᠯ ᠢᠶᠡᠷ ᠲᠡᠳᠡᠨ ᠳᠦ ᠣᠯᠠᠨ ᠵᠦᠢᠯ ᠢ ᠵᠢᠭᠠᠭᠰᠠᠨ ᠶᠤᠮ᠃ ᠲᠡᠷᠡ ᠰᠤᠷᠭᠠᠬᠤ ᠳᠠᠭᠠᠨ᠄ 3 《ᠰᠣᠨᠣᠰᠣᠭᠲᠤᠨ᠂ ᠲᠠᠷᠢᠶᠠᠴᠢᠨ ᠦᠷ᠎ᠡ ᠰᠠᠴᠤᠬᠤ ᠪᠠᠷ ᠭᠠᠷᠴᠠᠢ᠃ 4 ᠲᠡᠷᠡ ᠪᠡᠷ ᠦᠷ᠎ᠡ ᠶᠢ ᠰᠠᠴᠤᠬᠤ ᠳᠤ᠂ ᠵᠠᠷᠢᠮ ᠨᠢ ᠵᠠᠮ ᠢᠶᠠᠷ ᠤᠨᠠᠭᠰᠠᠨ ᠳᠤ ᠰᠢᠪᠠᠭᠤᠳ ᠢᠷᠡᠭᠡᠳ ᠢᠳᠡᠴᠢᠬᠡᠵᠡᠢ᠃ 5 ᠵᠠᠷᠢᠮ ᠨᠢ ᠬᠥᠷᠥᠰᠥ ᠨᠢᠮᠭᠡᠨ ᠴᠢᠯᠠᠭᠤᠷᠬᠠᠭ ᠭᠠᠵᠠᠷ ᠲᠤ ᠤᠨᠠᠵᠤ ᠲᠦᠳᠡᠬᠡᠨ ᠰᠣᠶᠣᠭᠠᠯᠠᠭᠰᠠᠨ ᠪᠣᠯᠪᠠᠴᠤ ᠬᠥᠷᠥᠰᠥ ᠨᠢ ᠭᠦᠨ ᠪᠢᠰᠢ ᠪᠥᠭᠡᠳ 6 ᠦᠨᠳᠦᠰᠦ ᠦᠭᠡᠢ ᠤᠴᠢᠷ ᠠᠴᠠ ᠨᠠᠷᠠ ᠮᠠᠨᠳᠤᠬᠤ ᠳᠤ ᠬᠣᠷᠪᠣᠢᠨ ᠬᠠᠲᠠᠵᠠᠢ᠃ 7 ᠵᠠᠷᠢᠮ ᠨᠢ ᠥᠷᠭᠡᠰᠦᠲᠦ ᠪᠤᠲᠠ ᠶᠢᠨ ᠳᠤᠮᠳᠠ ᠤᠨᠠᠭᠰᠠᠨ ᠳᠤ᠂ ᠥᠷᠭᠡᠰᠦ ᠰᠠᠴᠠᠭᠤ ᠤᠷᠭᠤᠭᠠᠳ ᠲᠡᠭᠦᠨ ᠢ ᠪᠣᠭᠣᠴᠢᠬᠠᠭᠰᠠᠨ ᠲᠤᠯᠠ ᠦᠷ᠎ᠡ ᠵᠢᠮᠢᠰ ᠰᠠᠭᠤᠭᠰᠠᠨ ᠦᠭᠡᠢ᠃ 8 ᠬᠠᠷᠢᠨ ᠵᠠᠷᠢᠮ ᠨᠢ ᠰᠠᠢᠨ ᠬᠥᠷᠥᠰᠥᠨ ᠳᠤ ᠤᠨᠠᠵᠤ᠂ ᠤᠷᠭᠤᠵᠤ ᠥᠰᠥᠭᠡᠳ ᠭᠤᠴᠢ᠂ ᠵᠢᠷᠠ᠂ ᠵᠠᠭᠤ ᠳᠠᠬᠢᠨ ᠦᠷ᠎ᠡ ᠵᠢᠮᠢᠰ ᠰᠠᠭᠤᠵᠠᠢ》 ᠭᠡᠪᠡ᠃ 9 ᠲᠡᠷᠡ᠄ 《ᠰᠣᠨᠣᠰᠬᠤ ᠴᠢᠬᠢ ᠲᠠᠢ ᠨᠢ ᠰᠣᠨᠣᠰᠣᠭᠲᠤᠨ》 ᠭᠡᠯᠡ᠃
10 ᠢᠰᠦ᠋ᠰ ᠭᠠᠭᠴᠠᠭᠠᠷ ᠢᠶᠠᠨ ᠪᠠᠢᠬᠤ ᠳᠤ᠂ ᠠᠷᠪᠠᠨ ᠬᠣᠶᠠᠷ ᠱᠠᠪᠢ ᠪᠣᠯᠣᠨ ᠬᠠᠮᠲᠤ ᠪᠠᠢᠭᠰᠠᠨ ᠬᠥᠮᠦᠰ ᠨᠢ ᠡᠳᠡᠭᠡᠷ ᠦᠯᠢᠭᠡᠷᠯᠡᠯ ᠦᠨ ᠲᠤᠬᠠᠢ ᠲᠡᠭᠦᠨ ᠡᠴᠡ ᠠᠰᠠᠭᠤᠭᠰᠠᠨ ᠳᠤ᠂ 11 ᠲᠡᠷᠡ᠄ 《ᠪᠤᠷᠬᠠᠨ ᠤ ᠬᠠᠭᠠᠨᠴᠢᠯᠠᠯ ᠤᠨ ᠨᠢᠭᠤᠴᠠ ᠨᠢ ᠲᠠ ᠨᠠᠷ ᠲᠤ ᠰᠣᠶᠣᠷᠬᠠᠭᠳᠠᠭᠰᠠᠨ᠃ ᠬᠠᠷᠢᠨ ᠭᠠᠳᠠᠨ᠎ᠠ ᠶᠢᠨ ᠬᠥᠮᠦᠰ ᠲᠦ ᠪᠦᠬᠦ ᠶᠠᠭᠤᠮ᠎ᠠ ᠶᠢ ᠦᠯᠢᠭᠡᠷᠯᠡᠯ ᠢᠶᠡᠷ ᠯᠠ ᠶᠠᠷᠢᠳᠠᠭ᠃ 12 ᠡᠢᠨ ᠬᠦ 〈ᠲᠡᠳᠡ ᠬᠠᠷᠠᠨ ᠬᠠᠷᠠᠪᠠᠴᠤ ᠦᠵᠡᠬᠦ ᠦᠭᠡᠢ᠂ ᠰᠣᠨᠣᠰᠣᠨ ᠰᠣᠨᠣᠰᠪᠠᠴᠤ ᠣᠢᠯᠠᠭᠠᠬᠤ ᠦᠭᠡᠢ᠃ ᠲᠡᠳᠡ ᠡᠷᠭᠢᠵᠦ ᠢᠷᠡᠬᠦ᠂ ᠠᠭᠤᠴᠢᠯᠠᠭᠳᠠᠬᠤ ᠤᠴᠢᠷ ᠦᠭᠡᠢ〉》 ᠭᠡᠪᠡ᠃
ᠲᠠᠢᠯᠪᠤᠷᠢ
13 ᠢᠰᠦ᠋ᠰ᠄ 《ᠲᠠ ᠨᠠᠷ ᠡᠨᠡ ᠦᠯᠢᠭᠡᠷᠯᠡᠯ ᠢ ᠣᠢᠯᠠᠭᠠᠬᠤ ᠦᠭᠡᠢ ᠪᠣᠯ ᠶᠠᠭᠠᠬᠢᠵᠤ ᠠᠯᠢᠪᠠ ᠦᠯᠢᠭᠡᠷᠯᠡᠯ ᠢ ᠮᠡᠳᠡᠬᠦ ᠪᠢᠯᠡ᠂ 14 ᠲᠠᠷᠢᠶᠠᠴᠢᠨ ᠦᠭᠡ ᠶᠢ ᠲᠠᠷᠢᠵᠤ ᠪᠠᠢᠨ᠎ᠠ᠃ 15 ᠦᠭᠡ ᠵᠠᠮ ᠢᠶᠠᠷ ᠰᠠᠴᠤᠭᠳᠠᠭᠰᠠᠨ ᠭᠡᠳᠡᠭ ᠨᠢ᠂ ᠬᠥᠮᠦᠰ ᠦᠭᠡ ᠶᠢ ᠰᠣᠨᠣᠰᠣᠮᠠᠭᠴᠠ ᠰᠠᠲ᠋ᠠᠨ ᠢᠷᠡᠭᠡᠳ ᠲᠡᠳᠡᠨ ᠦ ᠳᠣᠲᠣᠷ᠎ᠠ ᠰᠠᠴᠤᠭᠳᠠᠭᠰᠠᠨ ᠦᠭᠡ ᠶᠢ ᠪᠤᠯᠢᠶᠠᠬᠤ ᠶᠢ ᠬᠡᠯᠡᠨ᠎ᠡ᠃ 16 ᠴᠢᠯᠠᠭᠤᠷᠬᠠᠭ ᠭᠠᠵᠠᠷ ᠰᠠᠴᠤᠭᠳᠠᠭᠰᠠᠨ ᠭᠡᠳᠡᠭ ᠨᠢ᠂ ᠬᠥᠮᠦᠰ ᠦᠭᠡ ᠶᠢ ᠰᠣᠨᠣᠰᠣᠭᠠᠳ ᠳᠠᠷᠤᠢᠬᠠᠨ ᠪᠠᠶᠠᠷ ᠲᠠᠢ ᠪᠠᠷ ᠬᠦᠯᠢᠶᠡᠨ ᠠᠪᠳᠠᠭ ᠪᠣᠯᠪᠠᠴᠤ 17 ᠳᠣᠲᠣᠷ᠎ᠠ ᠨᠢ ᠦᠨᠳᠦᠰᠦ ᠦᠭᠡᠢ ᠪᠣᠯᠬᠣᠷ ᠲᠦᠷ ᠵᠠᠭᠤᠷ᠎ᠠ ᠪᠠᠢᠭᠰᠠᠨ ᠢᠶᠠᠨ ᠦᠭᠡᠨ ᠡᠴᠡ ᠪᠣᠯᠵᠤ ᠵᠣᠪᠠᠯᠠᠩ ᠬᠠᠪᠴᠢᠯᠭ᠎ᠠ ᠲᠣᠬᠢᠶᠠᠯᠳᠤᠮᠠᠭᠴᠠ ᠪᠦᠳᠦᠷᠢᠬᠦ ᠶᠢ ᠬᠡᠯᠡᠨ᠎ᠡ᠃ 18 ᠥᠷᠭᠡᠰᠦᠲᠦ ᠪᠤᠲᠠ ᠶᠢᠨ ᠳᠤᠮᠳᠠ ᠰᠠᠴᠤᠭᠳᠠᠭᠰᠠᠨ ᠭᠡᠳᠡᠭ ᠨᠢ᠂ ᠬᠥᠮᠦᠰ ᠦᠭᠡ ᠶᠢ ᠰᠣᠨᠣᠰᠣᠭᠰᠠᠨ ᠤ ᠳᠠᠷᠠᠭ᠎ᠠ᠂ 19 ᠠᠮᠢᠳᠤᠷᠠᠯ ᠤᠨ ᠵᠣᠪᠠᠭᠤᠷᠢ᠂ ᠡᠳ᠋ ᠪᠠᠶᠠᠯᠢᠭ ᠤᠨ ᠥᠭᠡᠰᠢ ᠪᠠ ᠡᠯᠳᠡᠪ ᠵᠦᠢᠯ ᠤᠨ ᠰᠢᠨᠤᠯ ᠣᠷᠣᠵᠤ ᠢᠷᠡᠭᠡᠳ ᠦᠭᠡ ᠶᠢ ᠪᠣᠭᠣᠵᠤ ᠦᠷ᠎ᠡ ᠵᠢᠮᠢᠰ ᠦᠭᠡᠢ ᠪᠣᠯᠭᠠᠬᠤ ᠶᠢ ᠬᠡᠯᠡᠨ᠎ᠡ᠃ 20 ᠰᠠᠢᠨ ᠬᠥᠷᠥᠰᠥᠨ ᠳᠤ ᠰᠠᠴᠤᠭᠳᠠᠭᠰᠠᠨ ᠭᠡᠳᠡᠭ ᠨᠢ᠂ ᠬᠥᠮᠦᠰ ᠦᠭᠡ ᠶᠢ ᠰᠣᠨᠣᠰᠣᠭᠠᠳ ᠬᠦᠯᠢᠶᠡᠨ ᠠᠪᠴᠤ ᠭᠤᠴᠢ᠂ ᠵᠢᠷᠠ᠂ ᠵᠠᠭᠤ ᠳᠠᠬᠢᠨ ᠢᠶᠠᠷ ᠦᠷ᠎ᠡ ᠵᠢᠮᠢᠰ ᠲᠠᠢ ᠪᠣᠯᠬᠤ ᠶᠢ ᠬᠡᠯᠡᠨ᠎ᠡ》 ᠭᠡᠪᠡ᠃
21 ᠢᠰᠦ᠋ᠰ ᠲᠡᠳᠡᠨ ᠳᠦ᠄ 《ᠳ᠋ᠧᠩ ᠢ ᠠᠪᠴᠢᠷᠠᠭᠠᠳ ᠰᠠᠪᠠ ᠶᠢᠨ ᠳᠣᠣᠷ᠎ᠠ ᠪᠤᠶᠤ ᠣᠷᠣ ᠶᠢᠨ ᠳᠣᠣᠷ᠎ᠠ ᠲᠠᠯᠪᠢᠳᠠᠭ ᠤᠤ︖ ᠲᠡᠭᠦᠨ ᠢ ᠲᠠᠯᠪᠢᠭᠤᠷ ᠳᠡᠭᠡᠷ᠎ᠡ ᠲᠠᠯᠪᠢᠳᠠᠭ ᠪᠢᠰᠢ ᠤᠤ︖ 22 ᠢᠯᠡᠴᠢᠯᠡᠭᠳᠡᠬᠦ ᠦᠭᠡᠢ ᠨᠢᠭᠤᠴᠠ ᠭᠡᠵᠦ ᠦᠭᠡᠢ᠂ ᠢᠯᠡ ᠭᠠᠷᠬᠤ ᠦᠭᠡᠢ ᠳᠠᠯᠳᠠᠯᠠᠯᠲᠠ ᠭᠡᠵᠦ ᠦᠭᠡᠢ᠃ 23 ᠰᠣᠨᠣᠰᠬᠤ ᠴᠢᠬᠢ ᠲᠠᠢ ᠨᠢ ᠰᠣᠨᠣᠰᠣᠭᠲᠤᠨ》 ᠭᠡᠪᠡ᠃ 24 ᠢᠰᠦ᠋ᠰ ᠲᠡᠳᠡᠨ ᠳᠦ᠄ 《ᠲᠠ ᠨᠠᠷ ᠰᠣᠨᠣᠰᠴᠤ ᠪᠠᠢᠭ᠎ᠠ ᠪᠠᠨ ᠠᠩ᠋ᠬᠠᠷᠤᠭᠲᠤᠨ᠂ ᠲᠠ ᠨᠠᠷ ᠬᠡᠮᠵᠢᠭᠰᠡᠨ ᠬᠡᠮᠵᠢᠭᠦᠷ ᠢᠶᠡᠷ ᠢᠶᠠᠨ ᠬᠡᠮᠵᠢᠭᠦᠯᠵᠦ ᠣᠯᠬᠤ ᠪᠥᠭᠡᠳ ᠢᠯᠡᠭᠦᠦ ᠶᠢ ᠴᠤ ᠣᠯᠣᠨ᠎ᠠ᠃ 25 ᠬᠡᠨ ᠳᠦ ᠪᠠᠢᠪᠠᠯ᠂ ᠲᠡᠭᠦᠨ ᠳᠦ ᠥᠭᠭᠥᠭᠳᠡᠨ᠎ᠡ᠃ ᠬᠡᠨ ᠳᠦ ᠪᠠᠢᠬᠤ ᠦᠭᠡᠢ ᠪᠣᠯ᠂ ᠪᠠᠢᠭ᠎ᠠ ᠨᠢ ᠴᠤ ᠪᠤᠯᠢᠶᠠᠭᠳᠠᠨ᠎ᠠ》 ᠭᠡᠪᠡ᠃
ᠦᠷ᠎ᠡ ᠶᠢᠨ ᠦᠯᠢᠭᠡᠷᠯᠡᠯ
26 ᠲᠡᠷᠡ ᠪᠠᠰᠠ᠄ 《ᠪᠤᠷᠬᠠᠨ ᠤ ᠬᠠᠭᠠᠨᠴᠢᠯᠠᠯ ᠪᠣᠯ ᠬᠥᠮᠦᠨ ᠭᠠᠵᠠᠷ ᠲᠤ ᠦᠷ᠎ᠡ ᠰᠠᠴᠤᠭᠰᠠᠨ ᠤ ᠳᠠᠷᠠᠭ᠎ᠠ᠂ 27 ᠰᠥᠨᠢ ᠨᠢ ᠤᠨᠲᠠᠵᠤ ᠡᠳᠦᠷ ᠨᠢ ᠪᠣᠰᠣᠭᠰᠠᠭᠠᠷ ᠥᠪᠡᠷ ᠢᠶᠡᠨ ᠴᠤ ᠮᠡᠳᠡᠬᠦ ᠦᠭᠡᠢ ᠪᠠᠢᠬᠤ ᠳᠤ ᠦᠷ᠎ᠡ ᠰᠣᠶᠣᠭᠠᠯᠠᠨ ᠤᠷᠭᠤᠬᠤ ᠲᠠᠢ ᠠᠳᠠᠯᠢ ᠶᠤᠮ᠃ 28 ᠭᠠᠵᠠᠷ ᠥᠪᠡᠷ ᠢᠶᠡᠨ ᠲᠠᠷᠢᠶ᠎ᠠ ᠤᠷᠭᠤᠭᠤᠯᠬᠤ ᠳᠠᠭᠠᠨ᠂ ᠡᠬᠢᠯᠡᠭᠡᠳ ᠰᠣᠶᠣᠭ᠎ᠠ ᠶᠢ᠂ ᠳᠠᠷᠠᠭ᠎ᠠ ᠨᠢ ᠲᠦᠷᠦᠭᠦᠦ ᠶᠢ᠂ ᠡᠴᠦᠰ ᠲᠤᠨᠢ ᠲᠦᠷᠦᠭᠦᠦ ᠡᠴᠡ ᠪᠣᠯᠪᠠᠰᠤᠷᠠᠭᠰᠠᠨ ᠲᠠᠷᠢᠶ᠎ᠠ ᠶᠢ ᠪᠤᠢ ᠪᠣᠯᠭᠠᠳᠠᠭ᠃ 29 ᠬᠤᠷᠢᠶᠠᠯᠲᠠ ᠶᠢᠨ ᠴᠠᠭ ᠪᠣᠯᠣᠭᠰᠠᠨ ᠲᠤᠯᠠ ᠦᠷ᠎ᠡ ᠪᠣᠯᠪᠠᠰᠤᠷᠠᠮᠠᠭᠴᠠ ᠬᠥᠮᠦᠨ ᠬᠠᠳᠤᠭᠤᠷ ᠢᠶᠠᠷ ᠬᠠᠳᠤᠨ᠎ᠠ》 ᠭᠡᠪᠡ᠃
ᠭᠠᠢᠮᠤ ᠶᠢᠨ ᠦᠷ᠎ᠡ ᠶᠢᠨ ᠦᠯᠢᠭᠡᠷᠯᠡᠯ
30 ᠢᠰᠦ᠋ᠰ᠄ 《ᠪᠤᠷᠬᠠᠨ ᠤ ᠬᠠᠭᠠᠨᠴᠢᠯᠠᠯ ᠢ ᠪᠢᠳᠡ ᠶᠠᠭᠤ ᠲᠠᠢ ᠠᠳᠠᠯᠢᠳᠬᠠᠵᠤ᠂ ᠶᠠᠮᠠᠷ ᠦᠯᠢᠭᠡᠷᠯᠡᠯ ᠢᠶᠡᠷ ᠢᠯᠡᠳᠬᠡᠬᠦ ᠪᠢᠯᠡ︖ 31 ᠲᠡᠷᠡ ᠪᠣᠯ ᠭᠠᠢᠮᠤ ᠶᠢᠨ ᠦᠷ᠎ᠡ ᠲᠠᠢ ᠠᠳᠠᠯᠢ ᠶᠤᠮ᠃ ᠭᠠᠵᠠᠷ ᠲᠤ ᠰᠠᠭᠤᠯᠭᠠᠬᠤ ᠦᠶ᠎ᠡ ᠳᠦ ᠭᠠᠵᠠᠷ ᠳᠡᠭᠡᠷᠡᠬᠢ ᠶᠠᠮᠠᠷ ᠴᠤ ᠦᠷ᠎ᠡ ᠡᠴᠡ ᠵᠢᠵᠢᠭᠬᠡᠨ ᠪᠣᠯᠪᠠᠴᠤ 32 ᠰᠠᠭᠤᠯᠭᠠᠭᠰᠠᠨ ᠤ ᠳᠠᠷᠠᠭ᠎ᠠ᠂ ᠥᠰᠳᠡᠭ ᠪᠥᠭᠡᠳ ᠠᠯᠢᠪᠠ ᠨᠣᠭᠣᠭ᠎ᠠ ᠠᠴᠠ ᠢᠯᠡᠭᠦᠦ ᠤᠷᠭᠤᠵᠤ᠂ ᠲᠣᠮᠣ ᠰᠠᠯᠠᠭ᠎ᠠ ᠭᠠᠷᠤᠭᠠᠳ ᠣᠭᠲᠠᠷᠭᠤᠢ ᠶᠢᠨ ᠰᠢᠪᠠᠭᠤᠳ ᠰᠡᠭᠦᠳᠡᠷ ᠲᠤᠨᠢ ᠡᠭᠦᠷ ᠢᠶᠡᠨ ᠵᠠᠰᠠᠳᠠᠭ》 ᠭᠡᠵᠦ ᠬᠡᠯᠡᠪᠡ᠃
33 ᠢᠰᠦ᠋ᠰ ᠡᠢᠮᠦᠷᠬᠦ ᠣᠯᠠᠨ ᠦᠯᠢᠭᠡᠷᠯᠡᠯ ᠢᠶᠡᠷ᠂ ᠲᠡᠳᠡᠨ ᠦ ᠣᠢᠯᠠᠭᠠᠬᠤ ᠴᠢᠨᠡᠭᠡ ᠪᠡᠷ ᠨᠢ ᠦᠭᠡ ᠶᠢ ᠵᠢᠭᠠᠳᠠᠭ ᠪᠥᠭᠡᠳ 34 ᠦᠯᠢᠭᠡᠷᠯᠡᠯ ᠦᠭᠡᠢ ᠪᠠᠷ ᠵᠢᠭᠠᠳᠠᠭ ᠦᠭᠡᠢ ᠪᠠᠢᠪᠠ᠃ ᠬᠠᠷᠢᠨ ᠱᠠᠪᠢ ᠨᠠᠷ ᠲᠠᠭᠠᠨ ᠪᠦᠭᠦᠳᠡ ᠶᠢ ᠲᠤᠰ ᠲᠤᠨᠢ ᠲᠠᠢᠯᠪᠤᠷᠢᠯᠠᠳᠠᠭ ᠪᠠᠢᠵᠠᠢ᠃
ᠢᠰᠦ᠋ᠰ ᠨᠠᠭᠤᠷ ᠢ ᠨᠠᠮᠳᠠᠭᠠᠭᠰᠠᠨ ᠨᠢ
35 ᠲᠡᠷᠡ ᠡᠳᠦᠷ ᠦᠨ ᠣᠷᠣᠢ ᠪᠣᠯᠬᠤ ᠳᠤ᠂ ᠢᠰᠦ᠋ᠰ ᠲᠡᠳᠡᠨ ᠳᠦ᠄ 《ᠨᠠᠭᠤᠷ ᠤᠨ ᠨᠥᠭᠥᠭᠡ ᠲᠠᠯ᠎ᠠ ᠳᠤ ᠣᠴᠢᠵᠠᠭᠠᠶ᠎ᠠ》 ᠭᠡᠪᠡ᠃ 36 ᠲᠡᠳᠡ ᠴᠤᠭᠯᠠᠷᠠᠭᠰᠠᠨ ᠣᠯᠠᠨ ᠢ ᠣᠷᠬᠢᠨ ᠢᠰᠦ᠋ᠰ ᠢ ᠵᠠᠪᠢ ᠳᠡᠭᠡᠷ᠎ᠡ ᠪᠠᠢᠭᠰᠠᠨ ᠴᠢᠭ ᠢᠶᠠᠷ ᠨᠢ ᠠᠪᠴᠤ ᠶᠠᠪᠤᠬᠤ ᠳᠤ᠂ ᠥᠭᠡᠷ᠎ᠡ ᠵᠠᠪᠢ ᠨᠤᠭᠤᠳ ᠲᠡᠭᠦᠨ ᠢ ᠳᠠᠭᠠᠪᠠ᠃ 37 ᠠᠰᠤᠷᠤ ᠳᠣᠭᠰᠢᠨ ᠰᠠᠯᠬᠢ ᠡᠭᠦᠰᠴᠦ ᠳᠠᠪᠠᠯᠭᠠᠨ ᠵᠠᠪᠢ ᠶᠢ ᠨᠥᠮᠥᠷᠥᠨ ᠢᠷᠡᠵᠦ ᠵᠠᠪᠢ ᠤᠰᠤᠨ ᠳᠤ ᠠᠪᠲᠠᠵᠠᠢ᠃ 38 ᠢᠰᠦ᠋ᠰ ᠵᠠᠪᠢᠨ ᠤ ᠬᠢᠲᠦᠭᠡ ᠳᠦ ᠳᠡᠷᠡ ᠳᠡᠷᠡᠯᠡᠭᠡᠳ ᠤᠨᠲᠠᠵᠤ ᠪᠠᠢᠯ᠎ᠠ᠃ ᠱᠠᠪᠢ ᠨᠠᠷ ᠨᠢ ᠲᠡᠭᠦᠨ ᠢ ᠰᠡᠷᠢᠭᠡᠵᠦ᠄ 《ᠪᠠᠭᠰᠢ ᠡ᠂ ᠪᠢᠳᠡᠨ ᠦ ᠦᠬᠦᠬᠦ ᠶᠢ ᠬᠠᠢᠬᠤᠷᠬᠤ ᠦᠭᠡᠢ ᠶᠤᠮ ᠤᠤ︖》 ᠭᠡᠯᠡ᠃ 39 ᠢᠰᠦ᠋ᠰ ᠰᠡᠷᠢᠭᠡᠳ ᠰᠠᠯᠬᠢ ᠶᠢ ᠵᠢᠮᠡᠯᠡᠨ᠂ ᠨᠠᠭᠤᠷ ᠲᠤ᠄ 《ᠴᠢᠮᠡᠭᠡ ᠦᠭᠡᠢ ᠪᠠᠢ︕ ᠨᠠᠮᠳᠠ︕》 ᠭᠡᠬᠦ ᠳᠦ᠂ ᠰᠠᠯᠬᠢ ᠵᠣᠭᠰᠣᠵᠤ ᠶᠡᠬᠡᠳᠡ ᠨᠠᠮ ᠭᠦᠮ ᠪᠣᠯᠪᠠ᠃ 40 ᠢᠰᠦ᠋ᠰ ᠲᠡᠳᠡᠨ ᠳᠦ᠄ 《ᠶᠠᠭᠤᠨ ᠳᠤ ᠠᠶᠤᠨ᠎ᠠ ᠪᠤᠢ︖ ᠲᠠ ᠨᠠᠷ ᠲᠤ ᠢᠲᠡᠭᠡᠯ ᠦᠭᠡᠢ ᠪᠠᠢᠭᠰᠠᠭᠠᠷ ᠤᠤ︖》 ᠭᠡᠪᠡ᠃ 41 ᠲᠡᠳᠡ ᠮᠠᠰᠢ ᠶᠡᠬᠡ ᠡᠮᠢᠶᠡᠵᠦ᠂ ᠪᠡᠶ᠎ᠡ ᠪᠡᠶ᠎ᠡ ᠳᠡᠭᠡᠨ᠄ 《ᠡᠨᠡ ᠬᠡᠨ ᠪᠣᠯᠴᠢᠬᠠᠪᠠ︖ ᠰᠠᠯᠬᠢ ᠪᠣᠯᠣᠨ ᠨᠠᠭᠤᠷ ᠬᠦᠷᠲᠡᠯ᠎ᠡ ᠲᠡᠭᠦᠨ ᠦ ᠦᠭᠡᠨ ᠳᠦ ᠣᠷᠣᠵᠤ ᠪᠠᠢᠨ᠎ᠠ》 ᠭᠡᠵᠡᠭᠡᠵᠦ ᠪᠠᠢᠯ᠎ᠠ᠃