1 2 3 4 5 6 7 8 9 10 11 12 13 14 15 16


ᠮᠠᠷᠺ ᠠᠷᠪᠠᠨ ᠬᠣᠶᠠᠷ
 ᠮᠠᠭᠤ ᠦᠵᠦᠮᠴᠢᠳ ᠤᠨ ᠦᠯᠢᠭᠡᠷᠯᠡᠯ

1 ᠢᠰᠦ᠋ᠰ ᠲᠡᠳᠡᠨ ᠳᠦ ᠦᠯᠢᠭᠡᠷᠯᠡᠯ ᠢᠶᠡᠷ᠄ 《ᠨᠢᠭᠡᠨ ᠬᠥᠮᠦᠨ ᠦᠵᠦᠮ ᠦᠨ ᠬᠦᠷᠢᠶᠡᠯᠡᠩ ᠪᠠᠢᠭᠤᠯᠵᠤ ᠬᠠᠰᠢᠶᠠᠯᠠᠭᠠᠳ ᠦᠵᠦᠮ ᠰᠢᠬᠠᠬᠤ ᠭᠠᠵᠠᠷ ᠮᠠᠯᠲᠠᠵᠤ᠂ ᠴᠠᠮᠬᠠᠭ ᠪᠣᠰᠬᠠᠭᠠᠳ ᠦᠵᠦᠮᠴᠢᠳ ᠲᠤ ᠬᠦᠷᠢᠶᠡᠯᠡᠩ ᠢᠶᠡᠨ ᠲᠦᠷᠢᠶᠡᠰᠦᠯᠡᠨ ᠥᠭᠴᠦ ᠭᠠᠳᠠᠭᠠᠳᠤ ᠳᠤ ᠶᠠᠪᠤᠵᠤ ᠭᠡᠨ᠎ᠡ᠃ 2 ᠴᠠᠭ ᠨᠢ ᠪᠣᠯᠬᠤ ᠳᠤ᠂ ᠲᠡᠷᠡ ᠪᠡᠷ ᠬᠦᠷᠢᠶᠡᠯᠡᠩ ᠦᠨ ᠵᠢᠮᠢᠰ ᠡᠴᠡ ᠠᠪᠴᠢᠷᠠᠭᠤᠯᠬᠤ ᠪᠠᠷ ᠦᠵᠦᠮᠴᠢᠳ ᠤᠷᠤᠭᠤ ᠵᠠᠷᠤᠴᠠ ᠪᠠᠨ ᠶᠠᠪᠤᠭᠤᠯᠤᠭᠰᠠᠨ ᠳᠤ᠂ 3 ᠦᠵᠦᠮᠴᠢᠳ ᠵᠠᠷᠤᠴᠠ ᠶᠢ ᠨᠢ ᠪᠠᠷᠢᠵᠤ ᠵᠣᠳᠣᠭᠠᠳ ᠭᠠᠷ ᠬᠣᠭᠣᠰᠣᠨ ᠪᠤᠴᠠᠭᠠᠵᠠᠢ᠃ 4 ᠲᠡᠷᠡ ᠳᠠᠬᠢᠨ ᠥᠭᠡᠷ᠎ᠡ ᠵᠠᠷᠤᠴᠠ ᠪᠠᠨ ᠶᠠᠪᠤᠭᠤᠯᠤᠭᠰᠠᠨ ᠳᠤ᠂ ᠲᠡᠳᠡ ᠲᠣᠯᠣᠭᠠᠢ ᠶᠢ ᠨᠢ ᠰᠢᠷᠬᠠᠲᠤᠭᠤᠯᠵᠤ ᠳᠣᠷᠣᠮᠵᠢᠯᠠᠵᠠᠢ᠃ 5 ᠲᠡᠷᠡ ᠳᠠᠬᠢᠭᠠᠳ ᠥᠭᠡᠷ᠎ᠡ ᠨᠢᠭᠡ ᠶᠢ ᠶᠠᠪᠤᠭᠤᠯᠬᠤ ᠳᠤ᠂ ᠲᠡᠳᠡ ᠠᠯᠠᠴᠢᠬᠠᠪᠠ᠃ ᠢᠩᠭᠢᠭᠡᠳ ᠲᠡᠷᠡ ᠥᠭᠡᠷ᠎ᠡ ᠣᠯᠠᠨ ᠵᠠᠷᠤᠴᠠ ᠪᠠᠨ ᠶᠠᠪᠤᠭᠤᠯᠤᠭᠰᠠᠨ ᠳᠤ᠂ ᠵᠠᠷᠢᠮ ᠢ ᠨᠢ ᠵᠣᠳᠣᠵᠤ ᠵᠠᠷᠢᠮ ᠢ ᠨᠢ ᠠᠯᠠᠵᠠᠢ᠃ 6 ᠣᠳᠣ ᠲᠡᠭᠦᠨ ᠳᠦ ᠭᠠᠭᠴᠠᠬᠠᠨ ᠬᠠᠢᠷᠠᠲᠠᠢ ᠬᠦᠦ ᠨᠢ ᠦᠯᠡᠳᠡᠪᠡ᠃ ᠬᠠᠮᠤᠭ ᠤᠨ ᠰᠡᠭᠦᠯ ᠳᠦ ᠲᠡᠷᠡ᠄ 〈ᠲᠡᠳᠡ ᠬᠦᠦ ᠶᠢ ᠮᠢᠨᠢ ᠬᠦᠨᠳᠦᠯᠡᠬᠦ ᠪᠢᠵᠡ〉 ᠭᠡᠳ ᠬᠦᠦ ᠪᠡᠨ ᠢᠯᠡᠭᠡᠪᠡ᠃ 7 ᠬᠠᠷᠢᠨ ᠦᠵᠦᠮᠴᠢᠳ ᠬᠣᠭᠣᠷᠣᠨᠳᠣ ᠪᠠᠨ᠄ 〈ᠡᠨᠡ ᠴᠢᠨᠢ ᠥᠪᠯᠡᠭᠴᠢ ᠨᠢ ᠶᠤᠮ ᠪᠠᠢᠨ᠎ᠠ᠂ ᠠᠯᠢ᠂ ᠲᠡᠭᠦᠨ ᠢ ᠠᠯᠠᠴᠢᠬᠠᠶ᠎ᠠ᠃ ᠲᠡᠭᠡᠪᠡᠯ ᠥᠮᠴᠢ ᠨᠢ ᠪᠢᠳᠡᠨ ᠦ ᠬᠢ ᠪᠣᠯᠣᠨ᠎ᠠ〉 ᠭᠡᠵᠡᠭᠡᠨ᠂ 8 ᠲᠡᠭᠦᠨ ᠢ ᠪᠠᠷᠢᠵᠤ ᠠᠯᠠᠭᠠᠳ ᠬᠦᠷᠢᠶᠡᠯᠡᠩ ᠦᠨ ᠭᠠᠳᠠᠨ᠎ᠠ ᠬᠠᠶᠠᠵᠠᠢ᠃ 9 ᠣᠳᠣ ᠦᠵᠦᠮ ᠦᠨ ᠬᠦᠷᠢᠶᠡᠯᠡᠩ ᠦᠨ ᠡᠵᠡᠨ ᠶᠠᠭᠠᠬᠢᠬᠤ ᠪᠢᠯᠡ︖ ᠲᠡᠷᠡ ᠢᠷᠡᠭᠡᠳ ᠦᠵᠦᠮᠴᠢᠳ ᠢ ᠰᠥᠨᠥᠭᠡᠵᠦ᠂ ᠬᠦᠷᠢᠶᠡᠯᠡᠩ ᠢᠶᠡᠨ ᠥᠭᠡᠷ᠎ᠡ ᠬᠥᠮᠦᠰ ᠲᠦ ᠥᠭᠬᠦ ᠪᠣᠯᠣᠨ᠎ᠠ᠃
10 〈ᠪᠠᠷᠢᠯᠭᠠᠴᠢᠳ ᠤᠨ ᠭᠣᠯᠣᠭᠰᠠᠨ ᠴᠢᠯᠠᠭᠤ ᠲᠤᠯᠭᠠᠭᠤᠷᠢ 12 ᠪᠣᠯᠪᠠ᠃
11 ᠡᠵᠡᠨ ᠡᠭᠦᠨ ᠢ ᠬᠢᠭᠰᠡᠨ ᠪᠢᠳᠡᠨ ᠦ ᠨᠢᠳᠦᠨ ᠳᠦ ᠭᠠᠢᠬᠠᠯᠲᠠᠢ〉 ᠭᠡᠰᠡᠨ ᠡᠰᠢᠯᠡᠯ ᠢ ᠲᠠ ᠨᠠᠷ ᠤᠩ᠋ᠰᠢᠭ᠎ᠠ ᠦᠭᠡᠢ ᠤᠤ︖》
ᠭᠡᠪᠡ᠃ 12 ᠲᠡᠳᠡ ᠡᠨᠡ ᠦᠯᠢᠭᠡᠷᠯᠡᠯ ᠢ ᠥᠪᠡᠷᠰᠡᠳ ᠲᠤᠨᠢ ᠵᠣᠷᠢᠭᠤᠯᠤᠭᠰᠠᠨ ᠢ ᠮᠡᠳᠡᠭᠡᠳ ᠢᠰᠦ᠋ᠰ ᠢ ᠪᠠᠷᠢᠪᠴᠢᠯᠠᠬᠤ ᠭᠡᠰᠡᠨ ᠪᠣᠯᠪᠠᠴᠤ ᠠᠷᠠᠳ ᠣᠯᠠᠨ ᠠᠴᠠ ᠠᠶᠤᠵᠤ᠂ ᠲᠡᠭᠦᠨ ᠢ ᠣᠷᠬᠢᠨ ᠶᠠᠪᠤᠭᠰᠠᠨ ᠪᠠᠢᠨ᠎ᠠ᠃
 ᠢᠰᠦ᠋ᠰ ᠹᠠᠷᠢᠰᠠᠢᠴᠤᠳ ᠪᠠ ᠰᠠᠳᠣᠺᠠᠢᠴᠤᠳ ᠲᠤ ᠬᠠᠷᠢᠭᠤᠯᠤᠭᠰᠠᠨ ᠨᠢ

13 ᠡᠭᠦᠨ ᠦ ᠳᠠᠷᠠᠭ᠎ᠠ᠂ ᠲᠡᠳᠡ ᠢᠰᠦ᠋ᠰ ᠢ ᠦᠭᠡ ᠪᠡᠷ ᠨᠢ ᠤᠷᠠᠬᠠᠳᠠᠬᠤ ᠶᠢᠨ ᠲᠤᠯᠠᠳᠠ ᠹᠠᠷᠢᠰᠠᠢᠴᠤᠳ ᠪᠣᠯᠣᠨ ᠾᠧᠷᠣᠳ᠋ ᠤᠨ ᠬᠢᠨ ᠤ ᠵᠠᠷᠢᠮ ᠢ ᠶᠠᠪᠤᠭᠤᠯᠤᠯ᠎ᠠ᠃ 14 ᠲᠡᠳᠡ ᠢᠷᠡᠭᠡᠳ ᠢᠰᠦ᠋ᠰ ᠲᠤ᠄ 《ᠪᠠᠭᠰᠢ ᠡ᠂ ᠪᠢᠳᠡ ᠲᠠᠨ ᠤ ᠦᠨᠡᠨᠴᠢ ᠪᠠᠢᠳᠠᠭ ᠢ ᠮᠡᠳᠡᠨ᠎ᠡ᠂ ᠲᠠ ᠬᠡᠨ ᠢ ᠴᠤ ᠨᠢᠭᠤᠷᠴᠢᠯᠠᠳᠠᠭ ᠦᠭᠡᠢ ᠲᠤᠯᠠ ᠬᠡᠨ ᠳᠦ ᠴᠤ ᠢᠯᠳᠠᠷ ᠬᠠᠶᠠᠳᠠᠭ ᠦᠭᠡᠢ᠂ ᠬᠠᠷᠢᠨ ᠪᠤᠷᠬᠠᠨ ᠤ ᠵᠠᠮ ᠢ ᠦᠨᠡᠨ ᠢᠶᠡᠷ ᠵᠢᠭᠠᠳᠠᠭ᠃ ᠺᠠᠶᠧᠰᠠᠷ ᠲᠤ ᠭᠠᠢᠯᠢ ᠲᠤᠰᠢᠶᠠᠬᠤ ᠨᠢ ᠵᠥᠪ ᠤᠤ︖ ᠦᠭᠡᠢ ᠤᠤ︖ ᠪᠢᠳᠡ ᠥᠭᠬᠦ ᠤᠤ︖ ᠥᠭᠬᠦ ᠦᠭᠡᠢ ᠤᠤ︖》 ᠭᠡᠪᠡ᠃ 15 ᠢᠰᠦ᠋ᠰ ᠲᠡᠳᠡᠨ ᠦ ᠬᠣᠶᠠᠷ ᠨᠢᠭᠤᠷ ᠲᠠᠢ ᠶᠢ ᠮᠡᠳᠡᠭᠡᠳ᠄ 《ᠶᠠᠭᠤᠨ ᠳᠤ ᠨᠠᠮᠠᠶᠢ ᠲᠡᠩᠰᠡᠨ᠎ᠡ ᠪᠤᠢ︖ ᠨᠢᠭᠡ ᠳ᠋ᠧᠨᠠᠷ ᠠᠪᠴᠢᠷᠠᠵᠤ ᠨᠠᠳᠠ ᠳᠤ ᠦᠵᠡᠭᠦᠯ》 ᠭᠡᠰᠡᠨ ᠳᠦ᠂ 16 ᠲᠡᠳᠡ ᠠᠪᠴᠢᠷᠠᠯ᠎ᠠ᠃ ᠢᠰᠦ᠋ᠰ᠄ 《ᠡᠨᠡ ᠴᠢᠨᠢ ᠬᠡᠨ ᠦ ᠬᠥᠷᠥᠭ᠂ ᠬᠡᠨ ᠦ ᠪᠢᠴᠢᠭ ᠪᠤᠢ︖》 ᠭᠡᠵᠦ ᠠᠰᠠᠭᠤᠪᠠ᠃ ᠲᠡᠳᠡ᠄ 《ᠺᠠᠶᠧᠰᠠᠷ ᠤᠨ ᠬᠢ》 ᠭᠡᠬᠦ ᠳᠦ᠂ 17 ᠢᠰᠦ᠋ᠰ᠄ 《ᠺᠠᠶᠧᠰᠠᠷ ᠤᠨ ᠬᠢ ᠶᠢ ᠺᠠᠶᠧᠰᠠᠷ ᠲᠤ᠂ ᠪᠤᠷᠬᠠᠨ ᠤ ᠬᠢ ᠶᠢ ᠪᠤᠷᠬᠠᠨ ᠳᠤ ᠥᠭ》 ᠭᠡᠰᠡᠨ ᠳᠦ᠂ ᠲᠡᠳᠡ ᠢᠰᠦ᠋ᠰ ᠢ ᠭᠠᠢᠬᠠᠵᠤ ᠪᠠᠢᠪᠠ᠃

18 ᠠᠮᠢᠯᠠᠯᠲᠠ ᠭᠡᠵᠦ ᠪᠠᠢᠬᠤ ᠦᠭᠡᠢ ᠭᠡᠯᠴᠡᠳᠡᠭ ᠰᠠᠳᠣᠺᠠᠢᠴᠤᠳ ᠴᠤ ᠢᠰᠦ᠋ᠰ ᠲᠤ ᠢᠷᠡᠭᠡᠳ᠄ 19 《ᠪᠠᠭᠰᠢ ᠡ᠂ ᠮᠣᠰᠧ ᠪᠢᠳᠡᠨ ᠳᠦ᠄ 〈ᠬᠡᠨ ᠬᠡᠦᠬᠡᠳ ᠦᠭᠡᠢ ᠪᠠᠢᠭᠠᠳ ᠨᠠᠰᠤ ᠪᠠᠷᠠᠵᠤ᠂ ᠡᠬᠡᠨᠡᠷ ᠢᠶᠡᠨ ᠦᠯᠡᠳᠡᠭᠡᠪᠡᠯ᠂ ᠳᠡᠭᠦᠦ ᠨᠢ ᠲᠡᠭᠦᠨ ᠦ ᠡᠬᠡᠨᠡᠷ ᠢ ᠠᠪᠴᠤ᠂ ᠠᠬ᠎ᠠ ᠳᠠᠭᠠᠨ ᠦᠷ᠎ᠡ ᠤᠳᠤᠮ ᠵᠠᠯᠭᠠᠭᠤᠯᠵᠤ ᠥᠭ〉 ᠭᠡᠵᠦ ᠪᠢᠴᠢᠭᠰᠡᠨ᠃ 20 ᠠᠬ᠎ᠠ ᠳᠡᠭᠦᠦ ᠳᠣᠯᠣᠭᠤᠯᠠ ᠪᠠᠢᠵᠠᠢ᠃ ᠤᠤᠭᠠᠨ ᠨᠢ ᠡᠬᠡᠨᠡᠷ ᠠᠪᠤᠭᠠᠳ ᠬᠡᠦᠬᠡᠳ ᠦᠭᠡᠢ ᠪᠠᠷ ᠨᠠᠰᠤ ᠪᠠᠷᠠᠭᠰᠠᠨ ᠳᠤ᠂ 21 ᠬᠣᠶᠠᠳᠠᠬᠢ ᠨᠢ ᠲᠡᠷᠡ ᠡᠬᠡᠨᠡᠷ ᠢ ᠠᠪᠤᠭᠠᠳ᠂ ᠪᠠᠰᠠ ᠦᠷ᠎ᠡ ᠬᠡᠦᠬᠡᠳ ᠦᠯᠡᠳᠡᠭᠡᠯ ᠦᠭᠡᠢ ᠨᠠᠰᠤ ᠪᠠᠷᠠᠵᠠᠢ᠃ ᠭᠤᠷᠪᠠᠳᠠᠬᠢ ᠨᠢ ᠴᠤ ᠮᠥᠨ ᠡᠢᠮᠦ ᠪᠠᠢᠯ᠎ᠠ᠃ 22 ᠳᠣᠯᠣᠭᠤᠯᠠ ᠪᠠᠨ ᠦᠷ᠎ᠡ ᠬᠡᠦᠬᠡᠳ ᠦᠯᠡᠳᠡᠭᠡᠯ ᠦᠭᠡᠢ ᠨᠠᠰᠤ ᠪᠠᠷᠠᠭᠠᠳ᠂ ᠡᠴᠦᠰ ᠲᠤᠨᠢ ᠲᠡᠷᠡ ᠡᠮᠡᠭᠲᠡᠢ ᠴᠤ ᠨᠠᠰᠤ ᠪᠠᠷᠠᠪᠠ᠃ 23 ᠳᠣᠯᠣᠭᠤᠯᠠ ᠪᠠᠨ ᠲᠡᠭᠦᠨ ᠢ ᠡᠬᠡᠨᠡᠷ ᠢᠶᠡᠨ ᠪᠣᠯᠭᠠᠵᠤ ᠠᠪᠤᠭᠰᠠᠨ ᠲᠤᠯᠠ ᠠᠮᠢᠯᠠᠬᠤ ᠳᠤ᠂ ᠲᠡᠷᠡ ᠡᠮᠡᠭᠲᠡᠢ ᠴᠤᠬᠤᠮ ᠬᠡᠨ ᠦ ᠬᠢᠨᠢ ᠡᠬᠡᠨᠡᠷ ᠪᠣᠯᠬᠤ ᠪᠤᠢ︖》 ᠭᠡᠵᠦ ᠠᠰᠠᠭᠤᠪᠠ᠃

24 ᠢᠰᠦ᠋ᠰ ᠲᠡᠳᠡᠨ ᠳᠦ᠄ 《ᠲᠠ ᠨᠠᠷ ᠠᠷᠢᠭᠤᠨ ᠨᠣᠮ ᠢ ᠴᠤ᠂ ᠪᠤᠷᠬᠠᠨ ᠤ ᠬᠦᠴᠦ ᠶᠢ ᠴᠤ ᠮᠡᠳᠡᠳᠡᠭ ᠦᠭᠡᠢ ᠲᠤᠯᠠ ᠲᠥᠭᠡᠷᠢᠭᠰᠡᠨ ᠪᠢᠰᠢ ᠤᠤ︖ 25 ᠦᠬᠦᠭᠰᠡᠳ ᠠᠮᠢᠯᠠᠬᠤ ᠳᠠᠭᠠᠨ ᠡᠬᠡᠨᠡᠷ ᠠᠪᠬᠤ ᠴᠤ ᠦᠭᠡᠢ᠂ ᠬᠠᠷᠢ ᠳᠤ ᠮᠣᠷᠳᠠᠬᠤ ᠴᠤ ᠦᠭᠡᠢ᠂ ᠬᠠᠷᠢᠨ ᠲᠩᠷᠢ ᠶᠢᠨ ᠡᠯᠴᠢᠳ ᠲᠠᠢ ᠠᠳᠠᠯᠢᠬᠠᠨ ᠪᠣᠯᠣᠨ᠎ᠠ᠃ 26 ᠦᠬᠦᠭᠰᠡᠳ ᠦᠨ ᠠᠮᠢᠯᠠᠬᠤ ᠲᠤᠬᠠᠢ᠂ ᠮᠣᠰᠧ ᠶᠢᠨ ᠨᠣᠮ ᠤᠨ ᠥᠷᠭᠡᠰᠦᠲᠦ ᠪᠤᠲᠠ ᠶᠢᠨ ᠬᠡᠰᠡᠭ ᠢ ᠲᠠ ᠨᠠᠷ ᠤᠩ᠋ᠰᠢᠭ᠎ᠠ ᠦᠭᠡᠢ ᠤᠤ︖ ᠪᠤᠷᠬᠠᠨ ᠮᠣᠰᠧ ᠳᠤ᠄ 〈ᠪᠢ ᠪᠣᠯ ᠠᠪᠷᠠᠬᠠᠮ ᠤᠨ ᠪᠤᠷᠬᠠᠨ᠂ ᠢᠰᠠᠺ ᠤᠨ ᠪᠤᠷᠬᠠᠨ᠂ ᠶᠠᠺᠣᠪ ᠤᠨ ᠪᠤᠷᠬᠠᠨ〉 ᠭᠡᠵᠦ ᠬᠡᠯᠡᠭᠰᠡᠨ ᠪᠢᠯᠡ᠃ 27 ᠲᠡᠷᠡ ᠦᠬᠦᠭᠰᠡᠳ ᠦᠨ ᠪᠤᠰᠤ᠂ ᠬᠠᠷᠢᠨ ᠠᠮᠢᠳᠤᠷᠠᠭᠰᠠᠳ ᠤᠨ ᠪᠤᠷᠬᠠᠨ ᠰᠢᠦ ᠳᠠ᠂ ᠲᠠ ᠨᠠᠷ ᠶᠡᠬᠡ ᠪᠤᠷᠤᠭᠤᠳᠠᠵᠠᠢ》 ᠭᠡᠵᠦ ᠬᠡᠯᠡᠪᠡ᠃

28 ᠪᠢᠴᠢᠭᠲᠡᠳ ᠦᠨ ᠨᠢᠭᠡ ᠨᠢ ᠳᠥᠭᠥᠨ ᠢᠷᠡᠵᠦ ᠲᠡᠳᠡᠨ ᠦ ᠶᠠᠷᠢᠯᠴᠠᠬᠤ ᠶᠢ ᠰᠣᠨᠣᠰᠣᠭᠠᠳ᠂ ᠢᠰᠦ᠋ᠰ ᠤᠨ ᠰᠠᠢᠨ ᠬᠠᠷᠢᠭᠤᠯᠤᠭᠰᠠᠨ ᠢ ᠮᠡᠳᠡᠭᠰᠡᠨ ᠢᠶᠡᠨ᠄ 《ᠲᠡᠷᠢᠭᠦᠨ ᠵᠠᠷᠯᠢᠭ ᠨᠢ ᠶᠠᠭᠤ ᠪᠤᠢ︖》 ᠭᠡᠵᠦ ᠠᠰᠠᠭᠤᠪᠠ᠃ 29 ᠢᠰᠦ᠋ᠰ ᠬᠠᠷᠢᠭᠤ ᠳᠤᠨᠢ᠄ 《ᠬᠠᠮᠤᠭ ᠤᠨ ᠴᠢᠬᠤᠯᠠ ᠨᠢ ᠡᠨᠡ᠄ 〈ᠰᠣᠨᠣᠰ᠂ ᠢᠰᠷᠧᠯ ᠡ︕ ᠪᠢᠳᠡᠨ ᠦ ᠪᠤᠷᠬᠠᠨ ᠪᠣᠯ ᠡᠵᠡᠨ᠂ ᠭᠠᠭᠴᠠ ᠡᠵᠡᠨ ᠪᠢᠯᠡ᠃ 30 ᠴᠢ ᠡᠵᠡᠨ ᠪᠤᠷᠬᠠᠨ ᠢᠶᠠᠨ ᠪᠦᠬᠦ ᠵᠢᠷᠦᠬᠡ᠂ ᠪᠦᠬᠦ ᠠᠮᠢ᠂ ᠪᠦᠬᠦ ᠣᠶᠤᠨ᠂ ᠪᠦᠬᠦ ᠬᠦᠴᠦ ᠪᠡᠷ ᠢᠶᠠᠨ ᠬᠠᠢᠷᠠᠯᠠ᠃〉 31 ᠬᠣᠶᠠᠳᠠᠬᠢ ᠨᠢ᠂ 〈ᠴᠢ ᠬᠥᠷᠰᠢ ᠪᠠᠨ ᠥᠪᠡᠷ ᠦᠨ ᠢᠶᠠᠨ ᠪᠡᠶ᠎ᠡ ᠮᠡᠲᠦ ᠬᠠᠢᠷᠠᠯᠠ〉 ᠭᠡᠰᠡᠨ ᠵᠠᠷᠯᠢᠭ ᠶᠤᠮ᠃ ᠡᠳᠡᠭᠡᠷ ᠡᠴᠡ ᠥᠭᠡᠷ᠎ᠡ ᠠᠭᠤᠤ ᠵᠠᠷᠯᠢᠭ ᠭᠡᠵᠦ ᠦᠭᠡᠢ》 ᠭᠡᠵᠡᠢ᠃ 32 ᠪᠢᠴᠢᠭᠲᠡᠨ ᠲᠡᠭᠦᠨ ᠳᠦ᠄ 《ᠵᠦᠢᠲᠡᠢ᠂ ᠪᠠᠭᠰᠢ ᠡ᠂ ᠪᠤᠷᠬᠠᠨ ᠪᠣᠯ ᠴᠣᠷ ᠤᠨ ᠭᠠᠭᠴᠠ ᠪᠥᠭᠡᠳ ᠲᠡᠭᠦᠨ ᠡᠴᠡ ᠥᠭᠡᠷ᠎ᠡ ᠦᠭᠡᠢ ᠭᠡᠵᠦ ᠬᠡᠯᠡᠭᠰᠡᠨ ᠴᠢᠨᠢ ᠵᠥᠪ ᠪᠠᠢᠨ᠎ᠠ᠃ 33 ᠪᠦᠬᠦ ᠵᠢᠷᠦᠬᠡ᠂ ᠪᠦᠬᠦ ᠤᠬᠠᠭᠠᠨ᠂ ᠪᠦᠬᠦ ᠬᠦᠴᠦ ᠪᠡᠷ ᠢᠶᠠᠨ ᠪᠤᠷᠬᠠᠨ ᠢ ᠬᠠᠢᠷᠠᠯᠠᠵᠤ᠂ ᠪᠠᠰᠠ ᠬᠥᠷᠰᠢ ᠪᠠᠨ ᠥᠪᠡᠷ ᠦᠨ ᠢᠶᠠᠨ ᠪᠡᠶ᠎ᠡ ᠮᠡᠲᠦ ᠬᠠᠢᠷᠠᠯᠠᠬᠤ ᠨᠢ ᠬᠠᠮᠤᠭ ᠰᠢᠲᠠᠭᠠᠯᠭᠠᠲᠤ ᠲᠠᠬᠢᠯ ᠪᠣᠯᠣᠨ ᠡᠷᠭᠦᠯ ᠡᠴᠡ ᠴᠤ ᠳᠡᠭᠡᠷ᠎ᠡ ᠶᠤᠮ》 ᠭᠡᠪᠡ᠃ 34 ᠢᠰᠦ᠋ᠰ ᠲᠡᠭᠦᠨ ᠦ ᠤᠬᠠᠭᠠᠯᠢᠭ ᠬᠠᠷᠢᠭᠤᠯᠬᠤ ᠶᠢ ᠬᠠᠷᠠᠭᠠᠳ᠄ 《ᠴᠢ ᠪᠤᠷᠬᠠᠨ ᠤ ᠬᠠᠭᠠᠨᠴᠢᠯᠠᠯ ᠠᠴᠠ ᠬᠣᠯᠠ ᠦᠭᠡᠢ ᠪᠠᠢᠨ᠎ᠠ》 ᠭᠡᠪᠡ᠃ ᠡᠭᠦᠨ ᠡᠴᠡ ᠬᠣᠢᠰᠢ ᠬᠡᠨ ᠴᠤ ᠲᠡᠭᠦᠨ ᠡᠴᠡ ᠶᠠᠭᠤᠮ᠎ᠠ ᠠᠰᠠᠭᠤᠵᠤ ᠵᠢᠷᠦᠬᠡᠯᠡᠭᠰᠡᠨ ᠦᠭᠡᠢ᠃

35 ᠢᠰᠦ᠋ᠰ ᠠᠷᠢᠭᠤᠨ ᠣᠷᠳᠣᠨ ᠳᠤ ᠰᠤᠷᠭᠠᠯ ᠵᠢᠭᠠᠬᠤ ᠳᠠᠭᠠᠨ ᠬᠠᠷᠢᠭᠤ ᠳᠤᠨᠢ᠄ 《ᠪᠢᠴᠢᠭᠲᠡᠳ ᠶᠠᠭᠠᠬᠢᠭᠠᠳ ᠾᠷᠢᠰᠲ᠋ᠣᠰ ᠢ ᠳ᠋ᠠᠸᠢᠳ᠋ ᠤᠨ ᠤᠳᠤᠮ ᠭᠡᠳᠡᠭ ᠪᠤᠢ︖ 36 ᠳ᠋ᠠᠸᠢᠳ᠋ ᠥᠪᠡᠷ ᠢᠶᠡᠨ ᠠᠷᠢᠭᠤᠨ ᠰᠦᠨᠡᠰᠦ ᠪᠡᠷ᠄ 〈〔ᠪᠢ ᠴᠢᠨᠦ ᠳᠠᠢᠰᠤᠨ ᠨᠤᠭᠤᠳ ᠢ ᠬᠥᠯ ᠳᠣᠣᠷ᠎ᠠ ᠴᠢᠨᠢ ᠲᠠᠯᠪᠢᠬᠤ ᠬᠦᠷᠲᠡᠯ᠎ᠡ ᠴᠢ ᠮᠢᠨᠦ ᠪᠠᠷᠠᠭᠤᠨ ᠲᠠᠯ᠎ᠠ ᠳᠤ ᠰᠠᠭᠤᠵᠤ ᠪᠠᠢ〕 ᠭᠡᠵᠦ ᠡᠵᠡᠨ ᠮᠢᠨᠦ ᠡᠵᠡᠨ ᠳᠦ ᠬᠡᠯᠡᠭᠰᠡᠨ〉 ᠭᠡᠰᠡᠨ᠃ 37 ᠳ᠋ᠠᠸᠢᠳ᠋ ᠥᠪᠡᠷ ᠢᠶᠡᠨ ᠾᠷᠢᠰᠲ᠋ᠣᠰ ᠢ 〈ᠡᠵᠡᠨ〉 ᠭᠡᠵᠦ ᠳᠠᠭᠤᠳᠠᠭᠰᠠᠨ ᠶᠤᠮ᠂ ᠲᠡᠢᠮᠦ ᠪᠠᠢᠲᠠᠯ᠎ᠠ ᠾᠷᠢᠰᠲ᠋ᠣᠰ ᠶᠠᠭᠠᠬᠢᠵᠤ ᠳ᠋ᠠᠸᠢᠳ᠋ ᠤᠨ ᠤᠳᠤᠮ ᠪᠠᠢᠵᠤ ᠪᠣᠯᠬᠤ ᠪᠢᠯᠡ︖》 ᠭᠡᠵᠦ ᠬᠡᠯᠡᠬᠦ ᠳᠦ᠂ ᠴᠤᠭᠯᠠᠷᠠᠭᠰᠠᠨ ᠣᠯᠠᠨ ᠪᠠᠶᠠᠷ ᠲᠠᠢ ᠰᠣᠨᠣᠰᠴᠤ ᠪᠠᠢᠪᠠ᠃

38 ᠢᠰᠦ᠋ᠰ ᠰᠤᠷᠭᠠᠯ ᠳᠠᠭᠠᠨ ᠮᠥᠨ᠄ 《ᠲᠠ ᠨᠠᠷ ᠪᠢᠴᠢᠭᠲᠡᠳ ᠡᠴᠡ ᠪᠣᠯᠭᠣᠮᠵᠢᠯᠠᠭᠲᠤᠨ᠃ ᠲᠡᠳᠡ ᠤᠷᠲᠤ ᠬᠤᠪᠴᠠᠰᠤ ᠲᠠᠢ ᠶᠠᠪᠤᠵᠤ ᠵᠡᠭᠡᠯᠢ ᠳᠡᠭᠡᠷ᠎ᠡ ᠮᠡᠨᠳᠦᠴᠢᠯᠡᠭᠦᠯᠵᠦ᠂ 39 ᠪᠠᠰᠠ ᠬᠤᠷᠠᠯ ᠤᠨ ᠲᠠᠩᠬᠢᠮ ᠤᠨ ᠳᠡᠭᠡᠳᠦ ᠰᠠᠭᠤᠳᠠᠯ᠂ ᠨᠠᠢᠷ ᠤᠨ ᠬᠣᠢᠮᠣᠷ ᠲᠤ ᠰᠠᠭᠤᠬᠤ ᠳᠤᠷᠠᠲᠠᠢ ᠪᠠᠢᠳᠠᠭ᠃ 40 ᠲᠡᠳᠡ ᠪᠡᠯᠪᠡᠰᠦᠨ ᠡᠮᠡᠭᠲᠡᠢᠴᠦᠳ ᠦᠨ ᠭᠡᠷ ᠬᠥᠷᠥᠩᠭᠡ ᠶᠢ ᠴᠥᠯᠪᠡᠵᠦ᠂ ᠤᠷᠲᠤ ᠴᠠᠭ ᠢᠶᠠᠷ ᠳᠠᠭᠠᠳᠬᠠᠬᠤ ᠳᠦᠷᠢ ᠦᠵᠡᠭᠦᠯᠳᠡᠭ᠃ ᠡᠳᠡᠭᠡᠷ ᠬᠥᠮᠦᠨ ᠨᠡᠩ ᠬᠦᠨᠳᠦ ᠰᠢᠳᠬᠡᠯ ᠠᠮᠰᠠᠨ᠎ᠠ》 ᠭᠡᠵᠦ ᠬᠡᠯᠡᠪᠡ᠃
 ᠪᠡᠯᠪᠡᠰᠦᠨ ᠡᠮᠡᠭᠲᠡᠢ ᠶᠢᠨ ᠡᠷᠭᠦᠯ

41 ᠢᠰᠦ᠋ᠰ ᠡᠷᠭᠦᠯ ᠦᠨ ᠬᠠᠢᠷᠴᠠᠭ ᠤᠨ ᠡᠰᠡᠷᠭᠦ ᠲᠠᠯ᠎ᠠ ᠳᠤ ᠰᠠᠭᠤᠭᠠᠳ ᠴᠤᠭᠯᠠᠷᠠᠭᠰᠠᠨ ᠣᠯᠠᠨ ᠤ ᠵᠣᠭᠣᠰ ᠡᠷᠭᠦᠬᠦ ᠶᠢ ᠠᠵᠢᠭᠯᠠᠵᠤ ᠪᠠᠢᠪᠠ᠃ ᠪᠠᠶᠠᠴᠤᠤᠯ ᠶᠡᠬᠡ ᠵᠣᠭᠣᠰ ᠡᠷᠭᠦᠵᠦ ᠪᠠᠢᠬᠤ ᠳᠤ᠂ 42 ᠶᠠᠳᠠᠭᠤ ᠪᠡᠯᠪᠡᠰᠦᠨ ᠡᠮᠡᠭᠲᠡᠢ ᠢᠷᠡᠵᠦ ᠨᠢᠭᠡ ᠺᠣᠳ᠋ᠷᠠᠨᠲ ᠪᠣᠯᠬᠤ ᠬᠣᠶᠠᠷ ᠯᠧᠪᠲ᠋ᠠ 13 ᠡᠷᠭᠦᠵᠡᠢ᠃ 43 ᠢᠰᠦ᠋ᠰ ᠱᠠᠪᠢ ᠨᠠᠷ ᠢᠶᠠᠨ ᠬᠠᠵᠠᠭᠤ ᠳᠠᠭᠠᠨ ᠳᠠᠭᠤᠳᠠᠭᠠᠳ᠄ 《ᠲᠠ ᠨᠠᠷ ᠲᠤ ᠪᠠᠲᠤᠲᠠᠢ ᠬᠡᠯᠡᠶ᠎ᠡ᠂ ᠡᠨᠡ ᠶᠠᠳᠠᠭᠤ ᠪᠡᠯᠪᠡᠰᠦᠨ ᠡᠮᠡᠭᠲᠡᠢ ᠡᠷᠭᠦᠯ ᠦᠨ ᠬᠠᠢᠷᠴᠠᠭ ᠲᠤ ᠵᠣᠭᠣᠰ ᠡᠷᠭᠦᠭᠰᠡᠨ ᠪᠦᠬᠦ ᠬᠥᠮᠦᠨ ᠡᠴᠡ ᠢᠯᠡᠭᠦᠦ ᠶᠢ ᠡᠷᠭᠦᠯ᠎ᠡ᠃ 44 ᠤᠴᠢᠷ ᠨᠢ᠂ ᠪᠦᠬᠦ ᠬᠥᠮᠦᠨ ᠢᠯᠡᠭᠦᠴᠡ ᠡᠴᠡ ᠪᠡᠨ ᠡᠷᠭᠦᠭᠰᠡᠨ ᠪᠣᠯ᠂ ᠡᠨᠡ ᠡᠮᠡᠭᠲᠡᠢ ᠬᠣᠮᠰᠠᠬᠠᠨ ᠠᠴᠠ ᠪᠠᠨ᠂ ᠠᠮᠢ ᠵᠢᠭᠤᠳᠠᠭ ᠪᠦᠬᠦᠨ ᠢᠶᠡᠨ ᠡᠷᠭᠦᠯ᠎ᠡ》 ᠭᠡᠵᠦ ᠬᠡᠯᠡᠪᠡ᠃