ᠮᠠᠷᠺ ᠲᠠᠪᠤ
ᠴᠢᠳᠬᠥᠷ ᠱᠦᠭᠯᠡᠭᠰᠡᠨ ᠭᠧᠷᠠᠰᠣᠨ ᠬᠥᠮᠦᠨ
1 ᠲᠡᠳᠡ ᠨᠠᠭᠤᠷ ᠤᠨ ᠨᠥᠭᠥᠭᠡ ᠲᠠᠯ᠎ᠠ ᠳᠠᠬᠢ ᠭᠧᠷᠠᠰᠴᠤᠳ ᠤᠨ ᠨᠤᠲᠤᠭ ᠲᠤ ᠬᠦᠷᠴᠡᠢ᠃ 2 ᠢᠰᠦ᠋ᠰ ᠵᠠᠪᠢᠨ ᠠᠴᠠ ᠪᠠᠭᠤᠩ᠋ᠭᠤᠲᠠ ᠪᠠᠨ᠂ ᠪᠤᠯᠠᠰᠢᠨ ᠤ ᠭᠠᠵᠠᠷ ᠠᠴᠠ ᠢᠷᠡᠭᠰᠡᠨ ᠨᠢᠭᠡᠨ ᠬᠥᠮᠦᠨ ᠲᠡᠢ ᠲᠠᠭᠠᠷᠠᠯᠳᠤᠪᠠ᠃ ᠲᠡᠷᠡ ᠬᠥᠮᠦᠨ ᠳᠦ ᠪᠤᠵᠠᠷ ᠴᠢᠳᠬᠥᠷ ᠣᠷᠣᠰᠢᠭᠰᠠᠨ ᠪᠥᠭᠡᠳ 3 ᠪᠤᠯᠠᠰᠢᠨ ᠳᠤᠮᠳᠠ ᠠᠮᠢᠳᠤᠷᠠᠳᠠᠭ ᠪᠠᠢᠵᠠᠢ᠃ ᠲᠡᠮᠦᠷ ᠭᠢᠨᠵᠢ ᠪᠠᠷ ᠴᠤ᠂ ᠥᠭᠡᠷ᠎ᠡ ᠶᠠᠭᠤ ᠪᠠᠷ ᠴᠤ ᠲᠡᠭᠦᠨ ᠢ ᠬᠦᠯᠢᠬᠦ ᠠᠷᠭ᠎ᠠ ᠦᠭᠡᠢ ᠪᠠᠢᠯ᠎ᠠ᠃ 4 ᠲᠡᠷᠡ ᠣᠯᠠᠨ ᠤᠳᠠᠭ᠎ᠠ ᠭᠠᠪᠠ ᠭᠢᠨᠵᠢᠨ ᠳᠤ ᠬᠦᠯᠢᠭᠳᠡᠭᠰᠡᠨ ᠪᠣᠯᠪᠠᠴᠤ ᠭᠢᠨᠵᠢ ᠪᠠᠨ ᠲᠠᠰᠤᠳᠠᠵᠤ ᠭᠠᠪᠠ ᠪᠠᠨ ᠡᠪᠳᠡᠴᠢᠬᠡᠳᠡᠭ ᠤᠴᠢᠷ ᠠᠴᠠ ᠬᠡᠨ ᠴᠤ ᠲᠡᠭᠦᠨ ᠢ ᠨᠣᠮᠣᠬᠠᠳᠬᠠᠵᠤ ᠴᠢᠳᠠᠭᠰᠠᠨ ᠦᠭᠡᠢ ᠶᠤᠮ᠃ 5 ᠲᠡᠷᠡ ᠡᠳᠦᠷᠵᠢᠨ ᠰᠥᠨᠢᠵᠢᠨ ᠪᠤᠯᠠᠰᠢ ᠪᠠ ᠠᠭᠤᠯᠠᠨ ᠳᠤᠮᠳᠠ ᠣᠷᠢᠯᠠᠵᠤ ᠴᠢᠯᠠᠭᠤ ᠪᠠᠷ ᠥᠪᠡᠷ ᠢ ᠪᠠᠨ ᠰᠢᠷᠬᠠᠲᠤᠭᠤᠯᠳᠠᠭ ᠪᠠᠢᠪᠠ᠃ 6 ᠲᠡᠷᠡ ᠢᠰᠦ᠋ᠰ ᠢ ᠬᠣᠯᠠ ᠠᠴᠠ ᠬᠠᠷᠠᠭᠠᠳ ᠭᠦᠶᠦᠨ ᠢᠷᠡᠵᠦ ᠲᠡᠭᠦᠨ ᠳᠦ ᠰᠥᠬᠥᠷᠡᠨ 7 ᠶᠡᠬᠡ ᠳᠠᠭᠤᠨ ᠢᠶᠠᠷ ᠬᠠᠰᠬᠢᠷᠴᠤ᠄ 《ᠲᠠ ᠨᠠᠳᠠ ᠲᠠᠢ ᠶᠠᠮᠠᠷ ᠬᠠᠮᠢᠶ᠎ᠠ ᠲᠠᠢ ᠪᠤᠢ︖ ᠬᠠᠮᠤᠭ ᠤᠨ ᠳᠡᠭᠡᠳᠦ ᠪᠤᠷᠬᠠᠨ ᠤ ᠬᠦᠦ ᠢᠰᠦ᠋ᠰ ᠡ᠂ ᠪᠢ ᠪᠤᠷᠬᠠᠨ ᠤ ᠨᠡᠷ᠎ᠡ ᠪᠡᠷ ᠲᠠᠨ ᠠᠴᠠ ᠭᠤᠶᠤᠶ᠎ᠠ᠂ ᠨᠠᠮᠠᠶᠢ ᠪᠦᠦ ᠲᠠᠷᠴᠢᠯᠠᠭᠠ︕》 ᠭᠡᠯᠡ᠃ 8 ᠤᠤᠯ ᠨᠢ ᠢᠰᠦ᠋ᠰ᠄ 《ᠪᠤᠵᠠᠷ ᠴᠢᠳᠬᠥᠷ ᠴᠢ ᠡᠨᠡ ᠬᠥᠮᠦᠨ ᠡᠴᠡ ᠭᠠᠷ》 ᠭᠡᠵᠦ ᠬᠡᠯᠡᠭᠰᠡᠨ ᠪᠠᠢᠵᠠᠢ᠃ 9 ᠢᠰᠦ᠋ᠰ᠄ 《ᠨᠡᠷ᠎ᠡ ᠴᠢᠨᠢ ᠬᠡᠨ ᠪᠤᠢ︖》 ᠭᠡᠵᠦ ᠠᠰᠠᠭᠤᠭᠰᠠᠨ ᠳᠤ᠂ ᠲᠡᠷᠡ᠄ 《ᠪᠢᠳᠡ ᠣᠯᠠᠭᠤᠯᠠ ᠤᠴᠢᠷ ᠠᠴᠠ ᠮᠢᠨᠦ ᠨᠡᠷ᠎ᠡ ᠶᠢ ᠯᠧᠭᠢᠶᠣᠨ 2 ᠭᠡᠳᠡᠭ》 ᠭᠡᠪᠡ᠃ 10 ᠲᠡᠷᠡ᠄ 《ᠪᠢᠳᠡᠨ ᠢ ᠡᠨᠡ ᠨᠤᠲᠤᠭ ᠠᠴᠠ ᠪᠦᠦ ᠬᠥᠭᠡᠭᠡᠭᠡᠴᠢ》 ᠭᠡᠵᠦ ᠱᠠᠯᠠᠨ ᠭᠤᠶᠤᠪᠠ᠃
11 ᠶᠠᠭ ᠲᠡᠷᠡ ᠦᠶ᠎ᠡ ᠳᠦ ᠠᠭᠤᠯᠠᠨ ᠪᠡᠯ ᠢᠶᠡᠷ ᠰᠦᠷᠦᠭ ᠭᠠᠬᠠᠢ ᠢᠳᠡᠰᠢᠯᠡᠵᠦ ᠪᠠᠢᠯ᠎ᠠ᠃ 12 ᠴᠢᠳᠬᠥᠷ ᠤᠳ ᠢᠰᠦ᠋ᠰ ᠡᠴᠡ᠄ 《ᠪᠢᠳᠡᠨ ᠢ ᠭᠠᠬᠠᠢ ᠤᠷᠤᠭᠤ ᠶᠠᠪᠤᠭᠤᠯᠤᠭᠠᠴᠢ᠂ ᠪᠢᠳᠡ ᠲᠡᠳᠡᠨ ᠦ ᠳᠣᠲᠣᠷ᠎ᠠ ᠣᠷᠣᠶ᠎ᠠ》 ᠭᠡᠵᠦ ᠭᠤᠶᠤᠭᠰᠠᠨ ᠳᠤ᠂ 13 ᠢᠰᠦ᠋ᠰ ᠵᠥᠪᠰᠢᠶᠡᠷᠡᠪᠡ᠃ ᠪᠤᠵᠠᠷ ᠴᠢᠳᠬᠥᠷ ᠤᠳ ᠬᠥᠮᠦᠨ ᠡᠴᠡ ᠭᠠᠷᠴᠤ ᠭᠠᠬᠠᠢ ᠨᠤᠭᠤᠳ ᠲᠤ ᠣᠷᠣᠰᠢᠭᠰᠠᠨ ᠳᠤ᠂ ᠬᠣᠶᠠᠷ ᠮᠢᠩ᠋ᠭ᠎ᠠ ᠣᠷᠴᠢᠮ ᠭᠠᠬᠠᠢ ᠨᠠᠭᠤᠷ ᠤᠨ ᠵᠦᠭ ᠤᠷᠤᠭᠤᠳᠤᠨ ᠭᠦᠶᠦᠯᠳᠦᠭᠰᠡᠭᠡᠷ ᠨᠠᠭᠤᠷ ᠲᠤ ᠤᠨᠠᠵᠤ ᠵᠢᠪᠪᠦᠪᠡ᠃
14 ᠭᠠᠬᠠᠢᠴᠢᠳ ᠳᠤᠲᠠᠭᠠᠵᠤ᠂ ᠡᠭᠦᠨ ᠢ ᠭᠠᠴᠠᠭ᠎ᠠ ᠲᠣᠰᠬᠣᠨ ᠢᠶᠠᠷ ᠳᠤᠭᠤᠯᠭᠠᠭᠰᠠᠨ ᠳᠤ᠂ ᠬᠥᠮᠦᠰ ᠶᠠᠭᠤ ᠪᠣᠯᠣᠭᠰᠠᠨ ᠢ ᠦᠵᠡᠬᠦ ᠪᠡᠷ ᠢᠷᠡᠵᠡᠢ᠃ 15 ᠲᠡᠳᠡ ᠢᠰᠦ᠋ᠰ ᠤᠷᠤᠭᠤ ᠢᠷᠡᠵᠦ ᠴᠢᠳᠬᠥᠷ᠂ ᠥᠭᠡᠷ᠎ᠡ ᠪᠡᠷ ᠬᠡᠯᠡᠪᠡᠯ 《ᠯᠧᠭᠢᠶᠣᠨ》 ᠣᠷᠣᠰᠢᠭᠰᠠᠨ ᠥᠨᠥ ᠬᠥᠮᠦᠨ ᠦ ᠬᠤᠪᠴᠠᠰᠤ ᠲᠠᠢ᠂ ᠡᠷᠡᠭᠦᠯ ᠰᠠᠷᠠᠭᠤᠯ ᠰᠠᠭᠤᠵᠤ ᠪᠠᠢᠬᠤ ᠶᠢ ᠣᠯᠵᠤ ᠦᠵᠡᠭᠡᠳ ᠠᠶᠤᠵᠠᠭᠠᠪᠠ᠃ 16 ᠦᠵᠡᠭᠰᠡᠨ ᠬᠥᠮᠦᠰ ᠴᠢᠳᠬᠥᠷ ᠣᠷᠣᠰᠢᠭᠰᠠᠨ ᠬᠥᠮᠦᠨ ᠪᠠ ᠭᠠᠬᠠᠢ ᠨᠤᠭᠤᠳ ᠲᠤ ᠶᠠᠭᠤ ᠲᠣᠬᠢᠶᠠᠯᠳᠤᠭᠰᠠᠨ ᠢ ᠲᠡᠳᠡᠨ ᠳᠦ ᠶᠠᠷᠢᠭᠰᠠᠨ ᠳᠤ᠂ 17 ᠲᠡᠳᠡ ᠢᠰᠦ᠋ᠰ ᠲᠤ ᠨᠤᠲᠤᠭ ᠠᠴᠠ ᠨᠢ ᠵᠠᠢᠯᠠᠬᠤ ᠶᠢ ᠭᠤᠶᠤᠵᠤ ᠡᠬᠢᠯᠡᠪᠡ᠃ 18 ᠢᠰᠦ᠋ᠰ ᠵᠠᠪᠢᠨ ᠳᠤ ᠰᠠᠭᠤᠬᠤ ᠦᠶ᠎ᠡ ᠳᠦ᠂ ᠴᠢᠳᠬᠥᠷ ᠣᠷᠣᠰᠢᠵᠤ ᠪᠠᠢᠭᠰᠠᠨ ᠥᠨᠥᠬᠢ ᠬᠥᠮᠦᠨ ᠢᠰᠦ᠋ᠰ ᠲᠠᠢ ᠬᠠᠮᠲᠤ ᠪᠠᠢᠬᠤ ᠶᠢ ᠭᠤᠶᠤᠭᠰᠠᠨ ᠳᠤ᠂ 19 ᠲᠡᠷᠡ ᠵᠥᠪᠰᠢᠶᠡᠷᠡᠭᠰᠡᠨ ᠦᠭᠡᠢ᠂ ᠬᠠᠷᠢᠨ ᠲᠡᠭᠦᠨ ᠳᠦ᠄ 《ᠭᠡᠷ ᠲᠡᠭᠡᠨ ᠬᠠᠷᠢ᠂ ᠡᠵᠡᠨ ᠴᠢᠮ᠎ᠠ ᠳᠤ ᠬᠡᠷᠬᠢᠨ ᠬᠠᠨᠳᠤᠵᠤ ᠡᠨᠡᠷᠢᠭᠰᠡᠨ ᠢ ᠭᠡᠷ ᠦᠨ ᠬᠢᠨ ᠳᠡᠭᠡᠨ ᠮᠡᠳᠡᠭᠦᠯ》 ᠭᠡᠪᠡ᠃ 20 ᠲᠡᠷᠡ ᠶᠠᠪᠤᠵᠤ᠂ ᠥᠪᠡᠷ ᠲᠤᠨᠢ ᠢᠰᠦ᠋ᠰ ᠬᠡᠷᠬᠢᠨ ᠬᠠᠨᠳᠤᠭᠰᠠᠨ ᠢ ᠳ᠋ᠧᠺᠠᠫᠣᠯᠢ 3 ᠳᠤ ᠳᠡᠯᠭᠡᠷᠡᠭᠦᠯᠵᠦ ᠡᠬᠢᠯᠡᠪᠡ᠃ ᠬᠥᠮᠦᠨ ᠪᠦᠬᠦᠨ ᠭᠠᠢᠬᠠᠵᠤ ᠪᠠᠢᠯ᠎ᠠ᠃
ᠭᠠᠢᠬᠠᠮᠰᠢᠭ ᠪᠠ ᠡᠳᠡᠭᠡᠷᠡᠭᠦᠯᠦᠯᠲᠡ
21 ᠢᠰᠦ᠋ᠰ ᠵᠠᠪᠢ ᠪᠠᠷ ᠳᠠᠬᠢᠨ ᠨᠥᠭᠥᠭᠡ ᠬᠥᠪᠡᠭᠡ ᠤᠷᠤᠭᠤ ᠭᠠᠲᠤᠯᠵᠤ᠂ ᠨᠠᠭᠤᠷ ᠤᠨ ᠬᠥᠪᠡᠭᠡ ᠬᠦᠷᠬᠦ ᠳᠦ᠂ ᠲᠡᠭᠦᠨ ᠦ ᠳᠡᠷᠭᠡᠳᠡ ᠦᠯᠡᠮᠵᠢ ᠣᠯᠠᠨ ᠬᠥᠮᠦᠨ ᠴᠤᠭᠯᠠᠷᠠᠵᠠᠢ᠃ 22 ᠬᠤᠷᠠᠯ ᠤᠨ ᠲᠠᠩᠬᠢᠮ ᠤᠨ ᠠᠬᠠᠯᠠᠭᠴᠢ ᠶᠠᠢᠷ ᠭᠡᠭᠴᠢ ᠬᠥᠮᠦᠨ ᠢᠷᠡᠵᠦ ᠢᠰᠦ᠋ᠰ ᠢ ᠬᠠᠷᠠᠭᠠᠳ ᠬᠥᠯ ᠦᠨ ᠬᠢᠨᠢ ᠡᠮᠦᠨ᠎ᠡ ᠰᠥᠭᠥᠳᠴᠦ᠄ 23 《ᠪᠢᠴᠢᠬᠠᠨ ᠥᠬᠢᠨ ᠮᠢᠨᠢ ᠦᠬᠦᠯ ᠦᠨ ᠳᠠᠪᠠᠭᠠᠨ ᠳᠡᠭᠡᠷ᠎ᠡ ᠪᠠᠢᠨ᠎ᠠ᠃ ᠲᠠ ᠣᠴᠢᠭᠠᠳ ᠮᠤᠲᠤᠷ ᠢᠶᠠᠨ ᠲᠠᠯᠪᠢᠭᠠᠳ ᠥᠭᠭᠥᠭᠡᠴᠢ᠂ ᠲᠡᠭᠡᠪᠡᠯ ᠲᠡᠷᠡ ᠡᠳᠡᠭᠡᠷᠡᠵᠦ ᠠᠮᠢᠳᠤᠷᠠᠨ᠎ᠠ》 ᠭᠡᠵᠦ ᠱᠠᠯᠠᠨ ᠭᠤᠶᠤᠭᠰᠠᠨ ᠳᠤ᠂ 24 ᠢᠰᠦ᠋ᠰ ᠲᠡᠭᠦᠨ ᠲᠡᠢ ᠬᠠᠮᠲᠤ ᠶᠠᠪᠤᠯ᠎ᠠ᠃
25 ᠠᠷᠪᠠᠨ ᠬᠣᠶᠠᠷ ᠵᠢᠯ ᠤᠨ ᠲᠤᠷᠰᠢ ᠴᠢᠰᠤ ᠪᠠᠭᠤᠯᠭᠠᠬᠤ ᠡᠪᠡᠳᠴᠢᠨ ᠲᠡᠢ ᠪᠠᠢᠭᠰᠠᠨ ᠨᠢᠭᠡᠨ ᠪᠦᠰᠡᠭᠦᠢ ᠲᠡᠨᠳᠡ ᠪᠠᠢᠵᠠᠢ᠃ 26 ᠲᠡᠷᠡ ᠣᠯᠠᠨ ᠡᠮᠴᠢ ᠶᠢᠨ ᠭᠠᠷ ᠲᠤ ᠵᠥᠩᠳᠡᠭᠡᠨ ᠰᠢᠨᠠᠯᠵᠤ ᠠᠯᠢ ᠪᠠᠢᠳᠠᠭ ᠢᠶᠠᠨ ᠵᠠᠷᠤᠴᠠᠭᠤᠯᠤᠭᠰᠠᠨ ᠪᠣᠯᠪᠠᠴᠤ ᠲᠤᠰᠠ ᠪᠣᠯᠬᠤ ᠪᠠᠢᠲᠤᠭᠠᠢ᠂ ᠪᠡᠶ᠎ᠡ ᠨᠢ ᠤᠯᠠᠮ ᠮᠠᠭᠤᠳᠠᠵᠠᠢ᠃ 27 ᠲᠡᠷᠡ ᠪᠦᠰᠡᠭᠦᠢ ᠢᠰᠦ᠋ᠰ ᠤᠨ ᠲᠤᠬᠠᠢ ᠰᠣᠨᠣᠰᠴᠠᠢ᠃ ᠲᠡᠷᠡ ᠣᠯᠠᠨ ᠤ ᠳᠤᠮᠳᠠᠭᠤᠷ ᠶᠠᠪᠤᠭᠰᠠᠭᠠᠷ ᠲᠡᠭᠦᠨ ᠦ ᠠᠷᠤ ᠳᠤ ᠣᠢᠷᠠᠲᠤᠵᠤ ᠳᠡᠪᠡᠯ ᠳᠦᠨᠢ ᠭᠠᠷ ᠢᠶᠠᠨ ᠬᠦᠷᠭᠡᠪᠡ᠃ 28 ᠤᠴᠢᠷ ᠨᠢ᠂ ᠲᠡᠷᠡ ᠪᠦᠰᠡᠭᠦᠢ᠄ 《ᠲᠡᠭᠦᠨ ᠦ ᠬᠤᠪᠴᠠᠰᠤᠨ ᠳᠤ ᠭᠠᠷ ᠢᠶᠠᠨ ᠬᠦᠷᠭᠡᠳᠡᠭ ᠯᠠ ᠪᠣᠯ ᠡᠳᠡᠭᠡᠷᠡᠨ᠎ᠡ》 ᠭᠡᠵᠦ ᠪᠣᠳᠣᠳᠠᠭ ᠪᠠᠢᠪᠠ᠃ 29 ᠲᠡᠢᠨ ᠬᠦ ᠲᠡᠷᠡ ᠳᠠᠷᠤᠢ ᠪᠦᠰᠡᠭᠦᠢ ᠶᠢᠨ ᠴᠢᠰᠤ ᠪᠠᠭᠤᠬᠤ ᠨᠢ ᠵᠣᠭᠰᠣᠵᠤ᠂ ᠡᠪᠡᠳᠴᠢᠨ ᠡᠳᠡᠭᠡᠷᠡᠭᠰᠡᠨ ᠨᠢ ᠪᠡᠶ᠎ᠡ ᠳᠦᠨᠢ ᠮᠡᠳᠡᠭᠳᠡᠪᠡ᠃ 30 ᠢᠰᠦ᠋ᠰ ᠥᠪᠡᠷ ᠡᠴᠡ ᠨᠢ ᠬᠦᠴᠦ ᠭᠠᠷᠤᠭᠰᠠᠨ ᠢ ᠳᠠᠷᠤᠢᠬᠠᠨ ᠮᠡᠳᠡᠭᠡᠳ ᠣᠯᠠᠨ ᠤᠷᠤᠭᠤ ᠡᠷᠭᠢᠨ᠄ 《ᠬᠡᠨ ᠮᠢᠨᠦ ᠳᠡᠪᠡᠯ ᠳᠦ ᠭᠠᠷ ᠢᠶᠠᠨ ᠬᠦᠷᠭᠡᠪᠡ︖》 ᠭᠡᠰᠡᠨ ᠳᠦ᠂ 31 ᠱᠠᠪᠢ ᠨᠠᠷ ᠨᠢ᠄ 《ᠬᠤᠷᠠᠭᠰᠠᠨ ᠣᠯᠠᠨ ᠲᠠᠨ ᠢ ᠰᠢᠬᠠᠵᠤ ᠪᠠᠢᠭ᠎ᠠ ᠶᠢ ᠲᠠ ᠬᠠᠷᠠᠵᠤ ᠪᠠᠢᠲᠠᠯ᠎ᠠ ᠪᠠᠨ᠄ 〈ᠬᠡᠨ ᠨᠠᠳᠠ ᠳᠤ ᠭᠠᠷ ᠢᠶᠠᠨ ᠬᠦᠷᠭᠡᠪᠡ︖〉 ᠭᠡᠬᠦ ᠨᠢ ᠤᠤ︖》 ᠭᠡᠪᠡ᠃ 32 ᠡᠭᠦᠨ ᠢ ᠦᠢᠯᠡᠳᠦᠭᠰᠡᠨ ᠡᠮᠡᠭᠲᠡᠢ ᠶᠢ ᠬᠠᠷᠠᠬᠤ ᠭᠡᠵᠦ ᠢᠰᠦ᠋ᠰ ᠡᠷᠭᠢᠨ ᠲᠣᠭᠣᠷᠢᠨ ᠢᠶᠠᠨ ᠠᠵᠢᠭᠯᠠᠬᠤ ᠳᠤ᠂ 33 ᠥᠪᠡᠷ ᠲᠤᠨᠢ ᠶᠠᠭᠤ ᠪᠣᠯᠣᠭᠰᠠᠨ ᠢ ᠮᠡᠳᠡᠭᠡᠳ ᠲᠡᠷᠡ ᠡᠮᠡᠭᠲᠡᠢ ᠠᠶᠤᠵᠤ ᠴᠡᠴᠡᠷᠡᠭᠰᠡᠭᠡᠷ ᠢᠷᠡᠵᠦ᠂ ᠢᠰᠦ᠋ᠰ ᠤᠨ ᠡᠮᠦᠨ᠎ᠡ ᠰᠥᠭᠥᠳᠥᠨ ᠪᠦᠬᠦ ᠦᠨᠡᠨ ᠢᠶᠡᠨ ᠬᠡᠯᠡᠵᠡᠢ᠃ 34 ᠢᠰᠦ᠋ᠰ ᠲᠡᠭᠦᠨ ᠳᠦ᠄ 《ᠥᠬᠢᠨ ᠮᠢᠨᠢ᠂ ᠢᠲᠡᠭᠡᠯ ᠴᠢᠨᠢ ᠴᠢᠮᠠᠶᠢ ᠠᠪᠤᠷᠠᠯ᠎ᠠ᠃ ᠠᠮᠤᠷ ᠲᠠᠢᠪᠤᠩ ᠶᠠᠪᠤᠭᠠᠷᠠᠢ᠂ ᠡᠪᠡᠳᠴᠢᠨ ᠦᠭᠡᠢ ᠡᠷᠡᠭᠦᠯ ᠡᠩᠬᠡ ᠪᠠᠢᠭᠲᠤᠨ》 ᠭᠡᠪᠡ᠃
35 ᠢᠰᠦ᠋ᠰ ᠶᠠᠷᠢᠵᠤ ᠪᠠᠢᠲᠠᠯ᠎ᠠ᠂ ᠬᠤᠷᠠᠯ ᠤᠨ ᠲᠠᠩᠬᠢᠮ ᠤᠨ ᠠᠬᠠᠯᠠᠭᠴᠢ ᠶᠢᠨ ᠭᠡᠷ ᠡᠴᠡ ᠬᠡᠳᠦᠨ ᠬᠥᠮᠦᠨ ᠢᠷᠡᠵᠦ᠄ 《ᠲᠠᠨ ᠤ ᠥᠬᠢᠨ ᠥᠩᠭᠡᠷᠡᠴᠢᠬᠡᠯ᠎ᠡ᠃ ᠪᠠᠭᠰᠢ ᠳᠤ ᠲᠦᠪᠡᠭ ᠪᠣᠯᠣᠭᠠᠳ ᠶᠠᠭᠠᠬᠢᠬᠤ ᠪᠤᠢ︖》 ᠭᠡᠰᠡᠨ ᠳᠦ᠂ 36 ᠢᠰᠦ᠋ᠰ ᠲᠡᠳᠡᠨ ᠦ ᠬᠡᠯᠡᠭᠰᠡᠨ ᠢ ᠰᠣᠨᠣᠰᠣᠭᠠᠳ ᠬᠤᠷᠠᠯ ᠤᠨ ᠲᠠᠩᠬᠢᠮ ᠤᠨ ᠠᠬᠠᠯᠠᠭᠴᠢ ᠳᠤ᠄ 《ᠪᠦᠦ ᠠᠶᠤ᠂ ᠵᠥᠪᠬᠡᠨ ᠢᠲᠡᠭᠡ》 ᠭᠡᠵᠦ ᠠᠢᠯᠠᠳᠪᠠ᠃ 37 ᠲᠡᠷᠡ ᠫᠧᠲ᠋ᠧᠷ᠂ ᠶᠠᠺᠣᠪ᠂ ᠶᠠᠺᠣᠪ ᠤᠨ ᠳᠡᠭᠦᠦ ᠶᠣᠬᠠᠨ ᠨᠠᠷ ᠠᠴᠠ ᠥᠭᠡᠷ᠎ᠡ ᠬᠡᠨ ᠦ ᠴᠤ ᠳᠠᠭᠠᠬᠤ ᠶᠢ ᠵᠥᠪᠰᠢᠶᠡᠷᠡᠭᠰᠡᠨ ᠦᠭᠡᠢ᠃ 38 ᠲᠡᠳᠡ ᠬᠤᠷᠠᠯ ᠤᠨ ᠲᠠᠩᠬᠢᠮ ᠤᠨ ᠠᠬᠠᠯᠠᠭᠴᠢ ᠶᠢᠨ ᠭᠡᠷ ᠲᠦ ᠬᠦᠷᠪᠡ᠃ ᠢᠰᠦ᠋ᠰ ᠬᠥᠮᠦᠰ ᠦᠨ ᠳᠠᠭᠤ ᠲᠠᠯᠪᠢᠨ ᠶᠡᠬᠡ ᠪᠡᠷ ᠭᠠᠰᠢᠭᠤᠳᠠᠨ ᠤᠬᠢᠯᠠᠵᠤ ᠪᠠᠢᠭ᠎ᠠ ᠶᠢ ᠠᠵᠢᠭᠯᠠᠵᠠᠢ᠃ 39 ᠲᠡᠷᠡ ᠭᠡᠷ ᠲᠦ ᠣᠷᠣᠭᠠᠳ ᠲᠡᠳᠡᠨ ᠳᠦ᠄ 《ᠲᠠ ᠨᠠᠷ ᠶᠠᠭᠤᠨ ᠳᠤ ᠳᠠᠭᠤ ᠲᠠᠯᠪᠢᠨ ᠤᠬᠢᠯᠠᠯᠳᠤᠨᠠ ᠪᠤᠢ︖ ᠡᠨᠡ ᠬᠡᠦᠬᠡᠳ ᠦᠬᠦᠭᠡ ᠦᠭᠡᠢ᠂ ᠬᠠᠷᠢᠨ ᠤᠨᠲᠠᠵᠤ ᠪᠠᠢᠨ᠎ᠠ ᠰᠢᠦ》 ᠭᠡᠰᠡᠨ ᠳᠦ᠂ 40 ᠲᠡᠳᠡ ᠲᠡᠭᠦᠨ ᠢ ᠱᠣᠣᠯᠠᠪᠠ᠃ ᠭᠡᠪᠡᠴᠦ ᠢᠰᠦ᠋ᠰ ᠪᠦᠬᠦ ᠬᠥᠮᠦᠨ ᠢ ᠭᠠᠷᠭᠠᠨ᠂ ᠬᠡᠦᠬᠡᠳ ᠦᠨ ᠡᠴᠢᠭᠡ ᠡᠬᠡ ᠪᠠ ᠬᠠᠮᠲᠤ ᠶᠠᠪᠤᠭᠰᠠᠳ ᠲᠠᠢ ᠪᠠᠨ ᠬᠡᠦᠬᠡᠳ ᠦᠨ ᠪᠠᠢᠭ᠎ᠠ ᠥᠷᠥᠭᠡᠨ ᠳᠦ ᠣᠷᠣᠯ᠎ᠠ᠃ 41 ᠢᠰᠦ᠋ᠰ ᠬᠡᠦᠬᠡᠳ ᠦᠨ ᠭᠠᠷ ᠠᠴᠠ ᠪᠠᠷᠢᠵᠤ᠄ 《ᠲᠠᠯᠢᠲ᠋ᠠ ᠺᠣᠮ (ᠣᠷᠴᠢᠭᠤᠯᠪᠠᠯ 〈ᠪᠢᠴᠢᠬᠠᠨ ᠥᠬᠢᠨ ᠮᠢᠨᠢ ᠪᠢ ᠴᠢᠮ᠎ᠠ ᠳᠤ ᠬᠡᠯᠡᠵᠦ ᠪᠠᠢᠨ᠎ᠠ᠂ ᠪᠣᠰ︕〉 ᠭᠡᠰᠡᠨ ᠤᠳᠬ᠎ᠠ ᠲᠠᠢ)︕》 ᠭᠡᠵᠦ ᠬᠡᠯᠡᠩᠭᠦᠲᠡ᠂ 42 ᠥᠬᠢᠨ ᠪᠣᠰᠣᠭᠠᠳ ᠶᠠᠪᠤᠵᠤ ᠡᠬᠢᠯᠡᠪᠡ᠃ ᠲᠡᠷᠡ ᠠᠷᠪᠠᠨ ᠬᠣᠶᠠᠷ ᠨᠠᠰᠤᠲᠠᠢ ᠪᠠᠢᠵᠠᠢ᠃ ᠬᠥᠮᠦᠰ ᠭᠠᠢᠬᠠᠬᠤ ᠶᠢᠨ ᠶᠡᠬᠡ ᠪᠡᠷ ᠭᠠᠢᠬᠠᠪᠠ᠃ 43 ᠢᠰᠦ᠋ᠰ ᠡᠭᠦᠨ ᠢ ᠬᠡᠨ ᠳᠦ ᠴᠤ ᠪᠢᠲᠡᠭᠡᠢ ᠮᠡᠳᠡᠭᠦᠯ ᠭᠡᠵᠦ ᠲᠡᠳᠡᠨ ᠳᠦ ᠴᠢᠩᠭ᠍᠎ᠠ ᠵᠠᠬᠢᠭᠠᠳ᠂ ᠥᠬᠢᠨ ᠳᠤ ᠢᠳᠡᠬᠦ ᠶᠠᠭᠤᠮ᠎ᠠ ᠥᠭ ᠭᠡᠯᠡ᠃