ᠮᠠᠷᠺ ᠠᠷᠪᠠᠨ ᠨᠢᠭᠡ
ᠶᠧᠷᠦ᠋ᠰᠠᠯᠧᠮ ᠬᠣᠲᠠ ᠳᠤ ᠣᠷᠣᠭᠰᠠᠨ ᠨᠢ
1 ᠲᠡᠳᠡ ᠶᠧᠷᠦ᠋ᠰᠠᠯᠧᠮ ᠳᠤ ᠣᠢᠷᠠᠲᠤᠵᠤ ᠪᠠᠢᠭᠰᠠᠨ ᠢᠶᠠᠨ᠂ ᠴᠢᠳᠦᠨ ᠠᠭᠤᠯᠠ ᠶᠢᠨ ᠬᠠᠪᠢ ᠳᠠᠬᠢ ᠪᠧᠲ᠋ᠹᠠᠭᠧ ᠪᠣᠯᠣᠨ ᠪᠧᠲ᠋ᠠᠨᠢᠶ᠎ᠠ ᠳᠤ ᠬᠦᠷᠴᠡᠢ᠃ ᠢᠰᠦ᠋ᠰ ᠱᠠᠪᠢ ᠨᠠᠷ ᠠᠴᠠ ᠪᠠᠨ ᠬᠣᠶᠠᠷ ᠢ ᠶᠠᠪᠤᠭᠤᠯᠬᠤ ᠳᠠᠭᠠᠨ᠂ 2 ᠲᠡᠳᠡᠨ ᠳᠦ᠄ 《ᠨᠥᠭᠥᠭᠡ ᠲᠠᠯ᠎ᠠ ᠶᠢᠨ ᠲᠣᠰᠬᠣᠨ ᠤᠷᠤᠭᠤ ᠣᠴᠢ᠃ ᠲᠡᠨᠳᠡ ᠣᠷᠣᠩ᠋ᠭᠤᠲᠠ ᠬᠥᠮᠦᠨ ᠦ ᠤᠨᠤᠵᠤ ᠪᠠᠢᠭ᠎ᠠ ᠦᠭᠡᠢ ᠡᠯᠵᠢᠭᠡᠨ ᠳᠠᠭ᠎ᠠ ᠤᠶᠠᠭᠠᠲᠠᠢ ᠪᠠᠢᠬᠤ ᠶᠢ ᠣᠯᠵᠤ ᠦᠵᠡᠬᠦ ᠶᠤᠮ᠃ ᠲᠡᠭᠦᠨ ᠢ ᠲᠠᠢᠯᠵᠤ ᠠᠪᠴᠢᠷᠠ᠃ 3 ᠬᠡᠷᠪᠡ ᠬᠡᠨ ᠨᠢᠭᠡ ᠨᠢ ᠲᠠ ᠨᠠᠷ ᠲᠤ᠄ 〈ᠶᠠᠭᠠᠬᠢᠭᠠᠳ ᠢᠩᠭᠢᠵᠦ ᠪᠠᠢᠨ᠎ᠠ ᠪᠤᠢ︖〉 ᠭᠡᠪᠡᠯ᠂ 〈ᠡᠵᠡᠨ ᠳᠦ ᠬᠡᠷᠡᠭ ᠲᠡᠢ᠂ ᠲᠡᠷᠡ ᠡᠭᠦᠨ ᠢ ᠤᠳᠠᠬᠤ ᠦᠭᠡᠢ ᠡ᠊ᠨᠳᠡ ᠴᠢᠨᠢ ᠪᠤᠴᠠᠭᠠᠬᠤ ᠶᠤᠮ〉 ᠭᠡᠵᠦ ᠬᠡᠯᠡᠭᠡᠷᠡᠢ》 ᠭᠡᠪᠡ᠃ 4 ᠲᠡᠷᠡ ᠬᠣᠶᠠᠷ ᠣᠴᠢᠭᠠᠳ ᠭᠤᠳᠤᠮᠵᠢᠨ ᠤ ᠬᠠᠵᠠᠭᠤ ᠳᠠᠬᠢ ᠡᠭᠦᠳᠡᠨ ᠦ ᠭᠠᠳᠠᠨ᠎ᠠ ᠤᠶᠠᠭᠠᠲᠠᠢ ᠡᠯᠵᠢᠭᠡᠨ ᠳᠠᠭ᠎ᠠ ᠶᠢ ᠣᠯᠵᠤ ᠬᠠᠷᠠᠭᠠᠳ ᠤᠶᠠᠭ᠎ᠠ ᠶᠢ ᠨᠢ ᠲᠠᠢᠯᠵᠤ ᠪᠠᠢᠲᠠᠯ᠎ᠠ 5 ᠲᠡᠨᠳᠡ ᠵᠣᠭᠰᠣᠵᠤ ᠪᠤᠢ ᠬᠥᠮᠦᠰ ᠦᠨ ᠵᠠᠷᠢᠮ ᠨᠢ᠄ 《ᠲᠠ ᠨᠠᠷ ᠡᠯᠵᠢᠭᠡᠨ ᠳᠠᠭ᠎ᠠ ᠶᠢᠨ ᠤᠶᠠᠭ᠎ᠠ ᠶᠢ ᠲᠠᠢᠯᠤᠭᠠᠳ ᠶᠠᠭᠠᠬᠢᠬᠤ ᠭᠡᠵᠦ ᠪᠠᠢᠨ᠎ᠠ ᠪᠤᠢ︖》 ᠭᠡᠯᠡ᠃ 6 ᠲᠡᠷᠡ ᠬᠣᠶᠠᠷ ᠢᠰᠦ᠋ᠰ ᠤᠨ ᠬᠡᠯᠡᠭᠰᠡᠨ ᠢᠶᠡᠷ ᠬᠡᠯᠡᠬᠦ ᠳᠦ᠂ ᠲᠡᠳᠡ ᠠᠪᠴᠤ ᠶᠠᠪᠤᠬᠤ ᠶᠢ ᠨᠢ ᠵᠥᠪᠰᠢᠶᠡᠷᠡᠪᠡ᠃ 7 ᠲᠡᠳᠡ ᠡᠯᠵᠢᠭᠡᠨ ᠳᠠᠭ᠎ᠠ ᠪᠠᠨ ᠢᠰᠦ᠋ᠰ ᠲᠤ ᠠᠪᠴᠢᠷᠠᠵᠤ ᠬᠤᠪᠴᠠᠰᠤ ᠪᠠᠨ ᠲᠣᠬᠣᠬᠤ ᠳᠤ᠂ ᠢᠰᠦ᠋ᠰ ᠤᠨᠤᠯᠠ᠃ 8 ᠣᠯᠠᠨ ᠬᠥᠮᠦᠨ ᠬᠤᠪᠴᠠᠰᠤ ᠪᠠᠨ ᠵᠠᠮ ᠳᠡᠭᠡᠷ᠎ᠡ ᠳᠡᠪᠢᠰᠴᠦ᠂ ᠵᠠᠷᠢᠮ ᠨᠢ ᠬᠡᠭᠡᠷ᠎ᠡ ᠡᠴᠡ ᠬᠠᠳᠤᠵᠤ ᠠᠪᠤᠭᠰᠠᠨ ᠮᠥᠴᠢᠷ ᠢᠶᠠᠨ ᠵᠠᠮ ᠳᠡᠭᠡᠷ᠎ᠡ ᠳᠡᠪᠢᠰᠴᠡᠢ᠃ 9 ᠡᠮᠦᠨ᠎ᠡ ᠬᠣᠢᠨ᠎ᠠ ᠨᠢ ᠶᠠᠪᠤᠭ᠎ᠠ ᠬᠥᠮᠦᠰ ᠴᠢᠩᠭ᠍᠎ᠠ ᠳᠠᠭᠤ ᠪᠠᠷ᠄ 《ᠬᠣᠰᠠᠨᠨᠠ 10 ︕ ᠡᠵᠡᠨ ᠦ ᠨᠡᠷ᠎ᠡ ᠪᠡᠷ ᠢᠷᠡᠭᠴᠢ ᠢᠷᠥᠭᠡᠯ ᠲᠡᠢ ᠡ︕ 10 ᠪᠢᠳᠡᠨ ᠦ ᠡᠪᠦᠭᠡ ᠳᠡᠭᠡᠳᠦᠰ ᠳ᠋ᠠᠸᠢᠳ᠋ ᠤᠨ ᠢᠷᠡᠵᠦ ᠪᠤᠢ ᠬᠠᠭᠠᠨᠴᠢᠯᠠᠯ ᠮᠠᠭᠲᠠᠭᠳᠠᠬᠤ ᠪᠣᠯᠲᠤᠭᠠᠢ︕ ᠳᠡᠭᠡᠳᠦ ᠶᠢᠨ ᠳᠡᠭᠡᠳᠦ ᠳᠦ ᠬᠣᠰᠠᠨᠨᠠ︕》 ᠭᠡᠵᠡᠭᠡᠵᠦ ᠪᠠᠢᠯ᠎ᠠ᠃
11 ᠢᠰᠦ᠋ᠰ ᠶᠧᠷᠦ᠋ᠰᠠᠯᠧᠮ ᠳᠤ ᠬᠦᠷᠴᠦ ᠠᠷᠢᠭᠤᠨ ᠣᠷᠳᠣᠨ ᠳᠤ ᠣᠷᠣᠭᠠᠳ ᠡᠷᠭᠢᠨ ᠲᠣᠭᠣᠷᠢᠨ ᠢ ᠠᠵᠢᠭᠯᠠᠪᠠ᠃ ᠴᠠᠭ ᠣᠷᠣᠢ ᠪᠣᠯᠴᠢᠬᠠᠭᠰᠠᠨ ᠲᠤᠯᠠ ᠠᠷᠪᠠᠨ ᠬᠣᠶᠠᠷ ᠱᠠᠪᠢ ᠲᠠᠢ ᠪᠠᠨ ᠬᠠᠮᠲᠤ ᠪᠧᠲ᠋ᠠᠨᠢᠶ᠎ᠠ ᠤᠷᠤᠭᠤ ᠶᠠᠪᠤᠯ᠎ᠠ᠃
12 ᠮᠠᠷᠭᠠᠰᠢ ᠨᠢ ᠲᠡᠳᠡ ᠪᠧᠲ᠋ᠠᠨᠢᠶ᠎ᠠ ᠠᠴᠠ ᠪᠤᠴᠠᠬᠤ ᠳᠤ᠂ ᠢᠰᠦ᠋ᠰ ᠥᠯᠥᠰᠴᠦ ᠪᠠᠢᠯ᠎ᠠ᠃ 13 ᠬᠣᠯᠠ ᠠᠴᠠ ᠨᠠᠪᠴᠢ ᠶᠡᠬᠡ ᠲᠠᠢ ᠢᠨᠵᠢᠷ ᠤᠨ ᠮᠣᠳᠣ ᠶᠢ ᠬᠠᠷᠠᠭᠠᠳ ᠮᠣᠳᠣᠨ ᠠᠴᠠ ᠶᠠᠭᠤᠮ᠎ᠠ ᠣᠯᠵᠤ ᠮᠠᠭᠠᠳ ᠭᠡᠳ ᠣᠴᠢᠭᠰᠠᠨ ᠪᠣᠯᠪᠠᠴᠤ ᠨᠠᠪᠴᠢᠨ ᠠᠴᠠ ᠥᠭᠡᠷ᠎ᠡ ᠶᠠᠭᠤ ᠴᠤ ᠣᠯᠣᠭᠰᠠᠨ ᠦᠭᠡᠢ᠃ ᠤᠴᠢᠷ ᠨᠢ᠂ ᠢᠨᠵᠢᠷ ᠤᠨ ᠤᠯᠠᠷᠢᠯ ᠪᠢᠰᠢ ᠪᠠᠢᠭᠰᠠᠨ ᠠᠵᠢ᠃ 14 ᠢᠰᠦ᠋ᠰ ᠲᠡᠷᠡ ᠮᠣᠳᠣᠨ ᠳᠤ᠄ 《ᠡᠭᠦᠨ ᠡᠴᠡ ᠬᠣᠢᠰᠢ ᠥᠨᠢ ᠮᠥᠩᠬᠡᠳᠡ ᠬᠡᠨ ᠴᠤ ᠴᠢᠮ᠎ᠠ ᠠᠴᠠ ᠵᠢᠮᠢᠰ ᠣᠯᠵᠤ ᠢᠳᠡᠬᠦ ᠦᠭᠡᠢ ᠪᠣᠯᠣᠭ》 ᠭᠡᠵᠦ ᠶᠠᠷᠢᠬᠤ ᠶᠢ ᠱᠠᠪᠢ ᠨᠠᠷ ᠨᠢ ᠣᠯᠵᠤ ᠰᠣᠨᠣᠰᠪᠠ᠃
ᠠᠷᠢᠭᠤᠨ ᠣᠷᠳᠣᠨ ᠠᠴᠠ ᠬᠤᠳᠠᠯᠳᠤᠭᠠᠴᠢᠳ ᠢ ᠬᠥᠭᠡᠭᠡᠭᠰᠡᠨ ᠨᠢ
15 ᠲᠡᠳᠡ ᠶᠧᠷᠦ᠋ᠰᠠᠯᠧᠮ ᠳᠤ ᠬᠦᠷᠦᠯ᠎ᠡ᠃ ᠢᠰᠦ᠋ᠰ ᠠᠷᠢᠭᠤᠨ ᠣᠷᠳᠣᠨ ᠤ ᠬᠦᠷᠢᠶᠡᠨ ᠳᠦ ᠣᠷᠣᠭᠠᠳ᠂ ᠲᠡᠨᠳᠡ ᠪᠠᠢᠭᠰᠠᠨ ᠬᠤᠳᠠᠯᠳᠤᠭᠴᠢᠳ ᠪᠠ ᠬᠤᠳᠠᠯᠳᠤᠨ ᠠᠪᠤᠭᠴᠢᠳ ᠢ ᠬᠥᠭᠡᠭᠡᠵᠦ ᠡᠬᠢᠯᠡᠨ᠂ ᠵᠣᠭᠣᠰ ᠰᠣᠯᠢᠭᠴᠢᠳ ᠤᠨ ᠰᠢᠷᠡᠭᠡ᠂ ᠲᠠᠭᠲᠠᠭ᠎ᠠ ᠬᠤᠳᠠᠯᠳᠤᠭᠴᠢᠳ ᠤᠨ ᠰᠠᠨᠳᠠᠯᠢ ᠶᠢ ᠬᠥᠮᠥᠷᠢᠭᠰᠡᠨ ᠪᠥᠭᠡᠳ 16 ᠬᠥᠮᠦᠰ ᠦᠨ ᠡᠳ᠋ ᠪᠠᠷᠠᠭ᠎ᠠ ᠵᠥᠭᠡᠭᠡᠵᠦ ᠠᠷᠢᠭᠤᠨ ᠣᠷᠳᠣᠨ ᠢᠶᠠᠷ ᠶᠠᠪᠤᠬᠤ ᠶᠢ ᠵᠥᠪᠰᠢᠶᠡᠷᠡᠭᠰᠡᠨ ᠦᠭᠡᠢ᠃ 17 ᠢᠰᠦ᠋ᠰ ᠲᠡᠳᠡᠨ ᠢ ᠰᠤᠷᠭᠠᠨ᠄ 《〈ᠮᠢᠨᠦ ᠥᠷᠭᠥᠭᠡ ᠪᠣᠯ ᠬᠠᠮᠤᠭ ᠦᠨᠳᠦᠰᠦᠲᠡᠨ ᠦ ᠳᠠᠭᠠᠳᠬᠠᠯ ᠤᠨ ᠥᠷᠭᠥᠭᠡ ᠬᠡᠮᠡᠨ ᠨᠡᠷᠡᠯᠡᠭᠳᠡᠨ᠎ᠡ〉 ᠭᠡᠵᠦ ᠪᠢᠴᠢᠭᠳᠡᠭᠰᠡᠨ ᠪᠠᠢᠳᠠᠭ ᠪᠢᠰᠢ ᠤᠤ︖ ᠲᠠ ᠨᠠᠷ ᠬᠠᠷᠢᠨ ᠡᠭᠦᠨ ᠢ ᠳᠡᠭᠡᠷᠡᠮᠴᠢᠳ ᠤᠨ ᠡᠭᠦᠷ ᠪᠣᠯᠭᠠᠴᠢᠬᠠᠵᠠᠢ》 ᠭᠡᠪᠡ᠃ 18 ᠠᠬᠠᠯᠠᠬᠤ ᠲᠠᠬᠢᠯᠴᠢᠳ ᠪᠣᠯᠣᠨ ᠪᠢᠴᠢᠭᠲᠡᠳ ᠡᠭᠦᠨ ᠢ ᠰᠣᠨᠣᠰᠣᠭᠠᠳ ᠢᠰᠦ᠋ᠰ ᠢ ᠬᠥᠨᠥᠭᠡᠬᠦ ᠪᠡᠷ ᠣᠷᠣᠯᠳᠤᠵᠤ ᠪᠠᠢᠯ᠎ᠠ᠃ ᠤᠴᠢᠷ ᠨᠢ᠂ ᠲᠡᠳᠡ ᠢᠰᠦ᠋ᠰ ᠡᠴᠡ ᠠᠶᠤᠵᠤ ᠪᠠᠢᠪᠠ᠂ ᠠᠷᠠᠳ ᠣᠯᠠᠨ ᠪᠦᠭᠦᠳᠡᠭᠡᠷ ᠢᠶᠡᠨ ᠲᠡᠭᠦᠨ ᠦ ᠰᠤᠷᠭᠠᠯ ᠢ ᠭᠠᠢᠬᠠᠨ ᠱᠠᠭᠰᠢᠷᠠᠵᠤ ᠪᠠᠢᠵᠠᠢ᠃ 19 ᠣᠷᠣᠢ ᠪᠣᠯᠬᠤ ᠳᠤ ᠢᠰᠦ᠋ᠰ ᠱᠠᠪᠢ ᠨᠠᠷ ᠲᠠᠢ ᠪᠠᠨ ᠬᠣᠲᠠ ᠠᠴᠠ ᠳᠠᠬᠢᠨ ᠭᠠᠷᠪᠠ᠃
20 ᠥᠷᠯᠥᠭᠡ ᠨᠢ ᠲᠡᠳᠡ ᠲᠡᠷᠡᠭᠦᠷ ᠥᠩᠭᠡᠷᠡᠬᠦ ᠳᠡᠭᠡᠨ ᠥᠨᠥᠬᠢ ᠢᠨᠵᠢᠷ ᠤᠨ ᠮᠣᠳᠣᠨ ᠤ ᠦᠨᠳᠦᠰᠦᠨ ᠡᠴᠡ ᠪᠡᠨ ᠬᠠᠲᠠᠴᠢᠬᠠᠭᠰᠠᠨ ᠢ ᠬᠠᠷᠠᠪᠠ᠃ 21 ᠫᠧᠲ᠋ᠧᠷ ᠰᠠᠨᠠᠵᠤ ᠣᠯᠣᠭᠠᠳ᠄ 《ᠪᠠᠭᠰᠢ ᠡ᠂ ᠬᠠᠷᠠᠭᠠᠴᠢ︕ ᠲᠠᠨ ᠤ ᠵᠦᠬᠡᠭᠰᠡᠨ ᠢᠨᠵᠢᠷ ᠤᠨ ᠮᠣᠳᠣ ᠬᠠᠲᠠᠴᠢᠬᠠᠵᠠᠢ》 ᠭᠡᠬᠦ ᠳᠦ᠂ 22 ᠢᠰᠦ᠋ᠰ ᠬᠠᠷᠢᠭᠤ ᠳᠤᠨᠢ᠄ 《ᠪᠤᠷᠬᠠᠨ ᠳᠤ ᠢᠲᠡᠭᠡᠯ ᠲᠡᠢ ᠪᠠᠢᠭᠲᠤᠨ᠂ 23 ᠲᠠ ᠨᠠᠷ ᠲᠤ ᠪᠠᠲᠤᠲᠠᠢ ᠬᠡᠯᠡᠶ᠎ᠡ᠃ ᠬᠡᠨ ᠴᠤ ᠡᠨᠡ ᠠᠭᠤᠯᠠᠨ ᠳᠤ᠄ 〈ᠡ᠊ᠨᠳᠡ ᠡᠴᠡ ᠨᠡᠭᠦᠵᠦ ᠳᠠᠯᠠᠢ ᠳᠤ ᠬᠠᠶᠠᠭᠳᠠ〉 ᠭᠡᠵᠦ ᠬᠡᠯᠡᠭᠡᠳ ᠳᠣᠲᠣᠷ᠎ᠠ ᠪᠠᠨ ᠡᠷᠡᠭᠡᠯᠵᠡᠯ ᠦᠭᠡᠢ ᠪᠠᠷ᠂ ᠬᠡᠯᠡᠭᠰᠡᠨ ᠢᠶᠡᠨ ᠪᠡᠶᠡᠯᠡᠭᠳᠡᠨ᠎ᠡ ᠭᠡᠵᠦ ᠢᠲᠡᠭᠡᠪᠡᠯ ᠣᠯᠬᠤ ᠪᠣᠯᠣᠨ᠎ᠠ᠃ 24 ᠲᠡᠢᠮᠦ ᠡᠴᠡ ᠲᠠ ᠨᠠᠷ ᠲᠤ ᠬᠡᠯᠡᠶ᠎ᠡ᠃ ᠲᠠ ᠨᠠᠷ ᠶᠠᠭᠤ ᠳᠠᠭᠠᠳᠬᠠᠵᠤ ᠭᠤᠶᠤᠭᠰᠠᠨ ᠴᠤ ᠲᠡᠭᠦᠨ ᠢ ᠪᠠᠨ ᠣᠯᠣᠨ᠎ᠠ ᠭᠡᠳᠡᠭ ᠲᠦ ᠢᠲᠡᠭᠡᠭᠲᠦᠨ᠂ ᠲᠡᠭᠡᠪᠡᠯ ᠣᠯᠬᠤ ᠪᠣᠯᠣᠨ᠎ᠠ᠃ 25 ᠲᠠ ᠨᠠᠷ ᠵᠣᠭᠰᠣᠵᠤ ᠳᠠᠭᠠᠳᠬᠠᠬᠤ ᠳᠠᠭᠠᠨ ᠬᠡᠨ ᠨᠢᠭᠡᠨ ᠳᠦ ᠭᠣᠮᠣᠳᠠᠵᠤ ᠪᠠᠢᠪᠠᠯ᠂ ᠲᠡᠭᠦᠨ ᠢ ᠠᠭᠤᠴᠢᠯᠠ᠃ ᠲᠡᠭᠡᠪᠡᠯ ᠲᠩᠷᠢ ᠳᠠᠬᠢ ᠡᠴᠢᠭᠡ ᠴᠢᠨᠢ ᠴᠤ ᠲᠠ ᠨᠠᠷ ᠤᠨ ᠭᠡᠮ ᠪᠤᠷᠤᠭᠤ ᠶᠢ ᠠᠭᠤᠴᠢᠯᠠᠬᠤ ᠪᠣᠯᠣᠨ᠎ᠠ》 ᠭᠡᠪᠡ᠃ 26 11
ᠢᠰᠦ᠋ᠰ ᠤᠨ ᠡᠷᠬᠡ
27 ᠲᠡᠳᠡ ᠳᠠᠬᠢᠨ ᠶᠧᠷᠦ᠋ᠰᠠᠯᠧᠮ ᠳᠤ ᠣᠴᠢᠪᠡ᠃ ᠢᠰᠦ᠋ᠰ ᠠᠷᠢᠭᠤᠨ ᠣᠷᠳᠣᠨ ᠳᠣᠲᠣᠷ᠎ᠠ ᠶᠠᠪᠤᠵᠤ ᠪᠠᠢᠲᠠᠯ᠎ᠠ ᠠᠬᠠᠯᠠᠬᠤ ᠲᠠᠬᠢᠯᠴᠢᠳ᠂ ᠪᠢᠴᠢᠭᠲᠡᠳ ᠪᠣᠯᠣᠨ ᠠᠬᠠᠯᠠᠭᠴᠢᠳ ᠲᠡᠭᠦᠨ ᠤᠷᠤᠭᠤ ᠢᠷᠡᠭᠡᠳ᠄ 28 《ᠴᠢ ᠶᠠᠮᠠᠷ ᠡᠷᠬᠡ ᠪᠡᠷ ᠡᠳᠡᠭᠡᠷ ᠢ ᠬᠢᠵᠦ ᠪᠠᠢᠨ᠎ᠠ ᠪᠤᠢ︖ ᠡᠳᠡᠭᠡᠷ ᠢ ᠦᠢᠯᠡᠳᠬᠦ ᠡᠷᠬᠡ ᠶᠢ ᠬᠡᠨ ᠴᠢᠮ᠎ᠠ ᠳᠤ ᠥᠭᠭᠥᠭᠰᠡᠨ ᠪᠤᠢ︖》 ᠭᠡᠬᠦ ᠳᠦ᠂ 29 ᠢᠰᠦ᠋ᠰ᠄ 《ᠪᠢ ᠲᠠ ᠨᠠᠷ ᠠᠴᠠ ᠨᠢᠭᠡ ᠶᠠᠭᠤᠮ᠎ᠠ ᠠᠰᠠᠭᠤᠶ᠎ᠠ᠂ ᠨᠠᠳᠠ ᠳᠤ ᠬᠠᠷᠢᠭᠤᠯ᠂ ᠲᠡᠭᠡᠪᠡᠯ ᠪᠢ ᠶᠠᠮᠠᠷ ᠡᠷᠬᠡ ᠪᠡᠷ ᠡᠳᠡᠭᠡᠷ ᠢ ᠦᠢᠯᠡᠳᠴᠦ ᠪᠠᠢᠭ᠎ᠠ ᠪᠠᠨ ᠲᠠ ᠨᠠᠷ ᠲᠤ ᠬᠡᠯᠡᠶ᠎ᠡ᠃ 30 ᠶᠣᠬᠠᠨ ᠤ ᠤᠬᠢᠶᠠᠯ ᠲᠩᠷᠢ ᠡᠴᠡ ᠢᠷᠡᠭᠰᠡᠨ ᠤᠤ︖ ᠡᠰᠡᠬᠦᠯ᠎ᠡ ᠬᠥᠮᠦᠨ ᠡᠴᠡ ᠢᠷᠡᠭᠰᠡᠨ ᠤᠤ︖ ᠨᠠᠳᠠ ᠳᠤ ᠬᠠᠷᠢᠭᠤᠯᠤᠭᠠᠴᠢ》 ᠭᠡᠯᠡ᠃ 31 ᠲᠡᠳᠡ ᠬᠣᠭᠣᠷᠣᠨᠳᠣ ᠪᠠᠨ 《ᠬᠡᠷᠪᠡ ᠪᠢᠳᠡ᠄ 〈ᠲᠩᠷᠢ ᠡᠴᠡ〉 ᠭᠡᠪᠡᠯ᠂ ᠲᠡᠷᠡ᠄ 〈ᠲᠡᠭᠡᠪᠡᠯ ᠲᠠ ᠨᠠᠷ ᠶᠠᠭᠠᠬᠢᠭᠠᠳ ᠲᠡᠭᠦᠨ ᠳᠦ ᠢᠲᠡᠭᠡᠭᠰᠡᠨ ᠦᠭᠡᠢ ᠪᠤᠢ︖〉 ᠭᠡᠨ᠎ᠡ ᠳᠠ᠂ 32 〈ᠬᠥᠮᠦᠨ ᠡᠴᠡ〉 ᠭᠡᠵᠦ ᠬᠡᠯᠡᠪᠡᠯ᠁》 ᠬᠡᠮᠡᠨ ᠶᠠᠷᠢᠯᠴᠠᠭᠰᠠᠨ ᠪᠣᠯᠪᠠᠴᠤ ᠠᠷᠠᠳ ᠣᠯᠠᠨ ᠪᠦᠭᠦᠳᠡᠭᠡᠷ ᠶᠣᠬᠠᠨ ᠢ ᠡᠰᠢ ᠦᠵᠡᠭᠦᠯᠦᠭᠴᠢ ᠭᠡᠵᠦ ᠦᠵᠡᠳᠡᠭ ᠲᠤᠯᠠ ᠠᠶᠤᠵᠤ᠂ 33 《ᠪᠢᠳᠡ ᠮᠡᠳᠡᠬᠦ ᠦᠭᠡᠢ》 ᠭᠡᠵᠦ ᠬᠠᠷᠢᠭᠤᠯᠤᠯ᠎ᠠ᠃ ᠢᠰᠦ᠋ᠰ᠄ 《ᠪᠢ ᠴᠤ ᠶᠠᠮᠠᠷ ᠡᠷᠬᠡ ᠪᠡᠷ ᠡᠳᠡᠭᠡᠷ ᠢ ᠬᠢᠵᠦ ᠪᠠᠢᠭ᠎ᠠ ᠪᠠᠨ ᠲᠠ ᠨᠠᠷ ᠲᠤ ᠬᠡᠯᠡᠬᠦ ᠦᠭᠡᠢ》 ᠭᠡᠪᠡ᠃