1 2 3 4 5 6 7 8 9 10 11 12 13 14 15 16


ᠮᠠᠷᠺ ᠳᠣᠯᠣᠭ᠎ᠠ
 ᠬᠥᠮᠦᠨ ᠦ ᠤᠯᠠᠮᠵᠢᠯᠠᠯ ᠪᠠ ᠪᠤᠷᠬᠠᠨ ᠤ ᠲᠤᠰᠢᠶᠠᠯ

1 ᠶᠧᠷᠦ᠋ᠰᠠᠯᠧᠮ ᠡᠴᠡ ᠹᠠᠷᠢᠰᠠᠢᠴᠤᠳ ᠪᠠ ᠬᠡᠳᠦᠨ ᠪᠢᠴᠢᠭᠲᠡᠨ ᠢᠷᠡᠵᠦ ᠢᠰᠦ᠋ᠰ ᠤᠨ ᠳᠡᠷᠭᠡᠳᠡ ᠴᠤᠭᠯᠠᠷᠠᠭᠰᠠᠨ ᠢᠶᠠᠨ 2 ᠲᠡᠭᠦᠨ ᠦ ᠵᠠᠷᠢᠮ ᠱᠠᠪᠢ ᠨᠠᠷ ᠤᠨ ᠠᠷᠢᠭᠤᠨ ᠪᠤᠰᠤ᠂ ᠤᠬᠢᠶᠠᠭᠰᠠᠨ ᠦᠭᠡᠢ ᠭᠠᠷ ᠢᠶᠠᠷ ᠢᠶᠠᠨ ᠪᠣᠣᠪᠣ ᠢᠳᠡᠬᠦ ᠶᠢ ᠠᠩᠵᠠᠭᠠᠷᠠᠵᠠᠢ᠃ 3 (ᠹᠠᠷᠢᠰᠠᠢᠴᠤᠳ ᠪᠣᠯᠣᠨ ᠪᠦᠬᠦ ᠶᠦᠳᠠᠢ ᠬᠥᠮᠦᠨ ᠳᠡᠭᠡᠳᠦᠰ ᠦᠨ ᠢᠶᠠᠨ ᠤᠯᠠᠮᠵᠢᠯᠠᠯ ᠢ ᠰᠠᠬᠢᠳᠠᠭ ᠤᠴᠢᠷ ᠠᠴᠠ ᠭᠠᠷ ᠢᠶᠠᠨ ᠨᠢᠮᠪᠠᠢ ᠤᠬᠢᠶᠠᠯ ᠦᠭᠡᠢ ᠪᠠᠷ ᠶᠠᠭᠤᠮ᠎ᠠ ᠢᠳᠡᠳᠡᠭ ᠦᠭᠡᠢ᠂ 4 ᠲᠡᠳᠡ ᠵᠡᠭᠡᠯᠢ ᠡᠴᠡ ᠢᠷᠡᠭᠰᠡᠨ ᠦ ᠪᠠᠨ ᠳᠠᠷᠠᠭ᠎ᠠ᠂ ᠭᠠᠷ ᠢᠶᠠᠨ ᠤᠬᠢᠶᠠᠬᠤ ᠦᠭᠡᠢ ᠪᠠᠷ ᠶᠠᠭᠤᠮ᠎ᠠ ᠢᠳᠡᠳᠡᠭ ᠦᠭᠡᠢ᠃ ᠡᠭᠦᠨ ᠡᠴᠡ ᠭᠠᠳᠠᠨ᠎ᠠ ᠵᠠᠯᠭᠠᠮᠵᠢᠯᠠᠵᠤ ᠰᠠᠬᠢᠬᠤ ᠶᠣᠰᠣ ᠣᠯᠠᠨ ᠪᠠᠢᠳᠠᠭ᠃ ᠲᠤᠬᠠᠢᠯᠠᠪᠠᠯ ᠠᠶᠠᠭ᠎ᠠ᠂ ᠪᠣᠳᠣᠩ᠂ ᠵᠡᠰ ᠰᠠᠪᠠ ᠪᠠᠨ ᠤᠬᠢᠶᠠᠬᠤ ᠵᠡᠷᠭᠡ) 5 ᠹᠠᠷᠢᠰᠠᠢᠴᠤᠳ ᠪᠣᠯᠣᠨ ᠪᠢᠴᠢᠭᠲᠡᠳ᠄ 《ᠲᠠᠨ ᠤ ᠱᠠᠪᠢ ᠨᠠᠷ ᠶᠠᠭᠤᠨ ᠳᠤ ᠳᠡᠭᠡᠳᠦᠰ ᠦᠨ ᠤᠯᠠᠮᠵᠢᠯᠠᠯ ᠠᠴᠠ ᠵᠥᠷᠢᠴᠡᠵᠦ ᠠᠷᠢᠭᠤᠨ ᠪᠤᠰᠤ ᠭᠠᠷ ᠢᠶᠠᠷ ᠢᠶᠠᠨ ᠪᠣᠣᠪᠣ ᠢᠳᠡᠵᠦ ᠪᠠᠢᠨ᠎ᠠ ᠪᠤᠢ︖》 ᠭᠡᠵᠦ ᠲᠡᠭᠦᠨ ᠡᠴᠡ ᠠᠰᠠᠭᠤᠪᠠ᠃ 6 ᠢᠰᠦ᠋ᠰ ᠲᠡᠳᠡᠨ ᠳᠦ᠄ 《ᠬᠣᠶᠠᠷ ᠨᠢᠭᠤᠷᠲᠠᠨ ᠲᠠ ᠨᠠᠷ ᠤᠨ ᠲᠤᠬᠠᠢ ᠢᠰᠠᠢᠶ᠎ᠠ ᠵᠥᠪ ᠡᠰᠢ ᠦᠵᠡᠭᠦᠯᠦᠭᠰᠡᠨ ᠪᠠᠢᠨ᠎ᠠ᠄ 〈ᠡᠨᠡ ᠠᠷᠠᠳ ᠲᠦᠮᠡᠨ ᠣᠷᠣᠭᠤᠯ ᠢᠶᠠᠷ ᠢᠶᠠᠨ ᠨᠠᠮᠠᠶᠢ ᠬᠦᠨᠳᠦᠯᠡᠳᠡᠭ ᠪᠣᠯᠪᠠᠴᠤ ᠵᠢᠷᠦᠬᠡ ᠨᠢ ᠨᠠᠳᠠ ᠠᠴᠠ ᠠᠯᠤᠰ ᠬᠣᠯᠠ ᠪᠠᠢᠳᠠᠭ᠃ 7 ᠲᠡᠳᠡ ᠬᠥᠮᠦᠨ ᠦ ᠲᠤᠰᠢᠶᠠᠯ ᠤᠳ ᠢ ᠰᠤᠷᠭᠠᠯ ᠪᠣᠯᠭᠠᠨ ᠰᠤᠷᠭᠠᠵᠤ᠂ ᠨᠠᠮᠠᠶᠢ ᠳᠡᠮᠡᠢ ᠬᠦᠨᠳᠦᠳᠬᠡᠳᠡᠭ ᠶᠤᠮ〉 ᠭᠡᠵᠦ ᠪᠢᠴᠢᠭᠳᠡᠭᠰᠡᠨ ᠪᠠᠢᠳᠠᠭ᠃ 8 ᠲᠠ ᠨᠠᠷ ᠪᠤᠷᠬᠠᠨ ᠤ ᠲᠤᠰᠢᠶᠠᠯ ᠤᠳ ᠢ ᠣᠷᠬᠢᠴᠢᠬᠠᠭᠠᠳ ᠬᠥᠮᠦᠨ ᠦ ᠤᠯᠠᠮᠵᠢᠯᠠᠯ ᠢ ᠰᠠᠬᠢᠵᠤ ᠪᠠᠢᠨ᠎ᠠ》 ᠭᠡᠵᠦ ᠬᠡᠯᠡᠪᠡ᠃

9 ᠪᠠᠰᠠ᠄ 《ᠲᠠ ᠨᠠᠷ ᠤᠯᠠᠮᠵᠢᠯᠠᠯ ᠢᠶᠠᠨ ᠪᠠᠷᠢᠮᠲᠠᠯᠠᠬᠤ ᠶᠢᠨ ᠲᠤᠯᠠᠳᠠ ᠪᠤᠷᠬᠠᠨ ᠤ ᠲᠤᠰᠢᠶᠠᠯ ᠢ ᠣᠷᠬᠢᠬᠤ ᠳᠠᠭᠠᠨ ᠴᠢᠳᠠᠮᠠᠭᠠᠢ ᠶᠤᠮ᠃ 10 ᠮᠣᠰᠧ᠄ 〈ᠡᠴᠢᠭᠡ ᠡᠬᠡ ᠪᠡᠨ ᠬᠦᠨᠳᠦᠯᠡ〉 ᠭᠡᠰᠡᠨ᠂ ᠪᠠᠰᠠ᠄ 〈ᠡᠴᠢᠭᠡ ᠪᠤᠶᠤ ᠡᠬᠡ ᠪᠡᠨ ᠮᠠᠭᠤᠯᠠᠭᠴᠢ ᠨᠢ ᠵᠠᠪᠠᠯ ᠠᠯᠠᠭᠤᠯᠬᠤ ᠶᠣᠰᠣᠲᠠᠢ〉 ᠭᠡᠵᠦ ᠬᠡᠯᠡᠭᠰᠡᠨ ᠪᠠᠢᠬᠤ ᠳᠤ᠂ 11 ᠲᠠ ᠨᠠᠷ᠄ 〈ᠬᠥᠮᠦᠨ ᠡᠴᠢᠭᠡ ᠪᠤᠶᠤ ᠡᠬᠡ ᠳᠡᠭᠡᠨ ᠨᠠᠳᠠ ᠠᠴᠠ ᠠᠪᠬᠤ ᠶᠣᠰᠣᠲᠠᠢ ᠲᠡᠳᠬᠦᠮᠵᠢ ᠴᠢᠨᠢ ᠺᠣᠷᠪᠠᠨ (ᠪᠤᠷᠬᠠᠨ ᠳᠤ ᠡᠷᠭᠦᠬᠦ ᠪᠡᠯᠡᠭ ᠭᠡᠰᠡᠨ ᠤᠳᠬ᠎ᠠ ᠲᠠᠢ) ᠪᠣᠯᠴᠢᠬᠠᠭᠰᠠᠨ ᠭᠡᠵᠦ ᠬᠡᠯᠡᠪᠡᠯ᠂ 12 ᠡᠴᠢᠭᠡ ᠪᠤᠶᠤ ᠡᠬᠡ ᠳᠡᠭᠡᠨ ᠶᠠᠭᠤ ᠴᠤ ᠬᠢᠵᠦ ᠥᠭᠬᠦ ᠦᠭᠡᠢ ᠶᠢ ᠨᠢ ᠪᠢᠳᠡ ᠵᠥᠪᠰᠢᠶᠡᠷᠡᠳᠡᠭ᠌〉 ᠭᠡᠵᠦ ᠬᠡᠯᠡᠭᠡᠳ 13 ᠤᠯᠠᠮᠵᠢᠯᠠᠭᠰᠠᠨ ᠤᠯᠠᠮᠵᠢᠯᠠᠯ ᠢᠶᠠᠷ ᠢᠶᠠᠨ ᠪᠤᠷᠬᠠᠨ ᠤ ᠦᠭᠡ ᠶᠢ ᠬᠦᠴᠦᠨ ᠦᠭᠡᠢ ᠪᠣᠯᠭᠠᠵᠤ ᠪᠠᠢᠨ᠎ᠠ᠃ ᠡᠢᠮᠦᠷᠬᠦ ᠵᠦᠢᠯ ᠢ ᠲᠠ ᠨᠠᠷ ᠵᠥᠩᠳᠡᠭᠡᠨ ᠦᠢᠯᠠᠳᠴᠤ ᠪᠠᠢᠨ᠎ᠠ》 ᠭᠡᠪᠡ᠃
 ᠬᠥᠮᠦᠨ ᠦ ᠳᠣᠲᠣᠭᠠᠳᠤ ᠰᠡᠳᠬᠢᠯ

14 ᠢᠰᠦ᠋ᠰ ᠴᠤᠭᠯᠠᠷᠠᠭᠰᠠᠨ ᠣᠯᠠᠨ ᠢ ᠳᠠᠬᠢᠨ ᠬᠠᠵᠠᠭᠤ ᠳᠠᠭᠠᠨ ᠳᠠᠭᠤᠳᠠᠵᠤ᠄ 《ᠲᠠ ᠨᠠᠷ ᠪᠦᠭᠦᠳᠡᠭᠡᠷ ᠢᠶᠡᠨ ᠮᠢᠨᠦ ᠦᠭᠡ ᠶᠢ ᠰᠣᠨᠣᠰᠴᠤ᠂ ᠣᠢᠯᠠᠭᠠᠭᠲᠤᠨ᠃ 15 ᠭᠠᠳᠠᠨ᠎ᠠ ᠠᠴᠠ ᠣᠷᠣᠬᠤ ᠶᠠᠭᠤᠮ᠎ᠠ ᠬᠥᠮᠦᠨ ᠢ ᠪᠤᠵᠠᠷᠯᠠᠵᠤ ᠴᠢᠳᠠᠬᠤ ᠦᠭᠡᠢ᠂ ᠬᠠᠷᠢᠨ ᠬᠥᠮᠦᠨ ᠡᠴᠡ ᠭᠠᠷᠬᠤ ᠶᠠᠭᠤᠮᠠᠰ ᠨᠢ ᠬᠥᠮᠦᠨ ᠢ ᠪᠤᠵᠠᠷᠯᠠᠳᠠᠭ》 ᠭᠡᠪᠡ᠃

16 5 17 ᠢᠰᠦ᠋ᠰ ᠬᠤᠷᠠᠭᠰᠠᠨ ᠣᠯᠠᠨ ᠢ ᠣᠷᠬᠢᠵᠤ ᠭᠡᠷ ᠲᠦ ᠣᠷᠣᠬᠤ ᠳᠤ᠂ ᠱᠠᠪᠢ ᠨᠠᠷ ᠨᠢ ᠥᠨᠥᠬᠢ ᠦᠯᠢᠭᠡᠷᠯᠡᠯ ᠦᠨ ᠲᠤᠬᠠᠢ ᠠᠰᠠᠭᠤᠭᠰᠠᠨ ᠳᠤ᠂ 18 ᠲᠡᠷᠡ᠄ 《ᠲᠠ ᠨᠠᠷ ᠪᠠᠰᠠ ᠲᠡᠢᠮᠦ ᠪᠢᠳᠠᠭᠤ ᠶᠤᠮ ᠤᠤ︖ ᠭᠠᠳᠠᠨ᠎ᠠ ᠠᠴᠠ ᠬᠥᠮᠦᠨ ᠦ ᠳᠣᠲᠣᠷ᠎ᠠ ᠣᠷᠣᠳᠠᠭ ᠠᠯᠢᠪᠠ ᠶᠠᠭᠤᠮ᠎ᠠ ᠬᠥᠮᠦᠨ ᠢ ᠪᠤᠵᠠᠷᠯᠠᠵᠤ ᠴᠢᠳᠠᠬᠤ ᠦᠭᠡᠢ ᠶᠢ ᠲᠠ ᠨᠠᠷ ᠣᠢᠯᠠᠭᠠᠬᠤ ᠦᠭᠡᠢ ᠭᠡᠵᠢ ᠤᠤ︖ 19 ᠲᠡᠷᠡ ᠨᠢ ᠬᠥᠮᠦᠨ ᠦ ᠵᠢᠷᠦᠬᠡᠨ ᠳᠦ ᠣᠷᠣᠬᠤ ᠪᠢᠰᠢ᠂ ᠬᠠᠷᠢᠨ ᠬᠣᠳᠣᠭᠣᠳᠣᠨ ᠳᠤ ᠣᠷᠣᠭᠠᠳ ᠭᠠᠳᠠᠭᠰᠢᠯᠠᠳᠠᠭ》 ᠭᠡᠵᠡᠢ (ᠡᠢᠨ ᠬᠦ ᠲᠡᠷᠡ ᠪᠦᠬᠦ ᠬᠣᠭᠣᠯᠠ ᠬᠦᠨᠡᠰᠦ ᠶᠢ ᠴᠡᠪᠡᠷ ᠭᠡᠪᠡ)᠃ 20 ᠲᠡᠷᠡ᠄ 《ᠬᠥᠮᠦᠨ ᠡᠴᠡ ᠭᠠᠷᠬᠤ ᠶᠠᠭᠤᠮ᠎ᠠ ᠬᠥᠮᠦᠨ ᠢ ᠪᠤᠵᠠᠷᠯᠠᠳᠠᠭ᠃ 21 ᠤᠴᠢᠷ ᠨᠢ᠂ ᠬᠥᠮᠦᠰ ᠦᠨ ᠳᠣᠲᠣᠷ᠎ᠠ ᠠᠴᠠ᠂ ᠵᠢᠷᠦᠬᠡ ᠰᠡᠳᠬᠢᠯ ᠡᠴᠡ ᠮᠠᠭᠤ ᠰᠠᠨᠠᠭ᠎ᠠ ᠭᠠᠷᠳᠠᠭ᠂ ᠰᠠᠳᠤᠷ ᠰᠠᠮᠠᠭᠤᠨ᠂ ᠬᠤᠯᠠᠭᠠᠢ᠂ ᠠᠯᠠᠯᠭ᠎ᠠ᠂ 22 ᠵᠠᠪᠬᠠᠢᠷᠠᠯ᠂ ᠰᠢᠨᠤᠬᠠᠢᠷᠠᠯ᠂ ᠬᠣᠷᠣᠰᠣᠯ᠂ ᠣᠪ ᠮᠡᠬᠡ᠂ ᠲᠠᠴᠢᠶᠠᠯ᠂ ᠬᠣᠷᠣ ᠰᠢᠷ᠎ᠠ᠂ ᠭᠦᠳᠬᠡᠯ᠂ ᠳᠡᠭᠡᠷᠡᠩᠭᠦᠢ᠂ ᠮᠤᠩ᠋ᠬᠠᠭᠯᠠᠯ᠂ 23 ᠡᠳᠡᠭᠡᠷ ᠬᠣᠷᠣᠨ ᠮᠠᠭᠤ ᠵᠦᠢᠯᠡᠰ ᠪᠦᠭᠦᠳᠡᠭᠡᠷ ᠢᠶᠡᠨ ᠳᠣᠲᠣᠷ᠎ᠠ ᠠᠴᠠ ᠭᠠᠷᠴᠤ ᠬᠥᠮᠦᠨ ᠢ ᠪᠤᠵᠠᠷᠯᠠᠳᠠᠭ》 ᠭᠡᠵᠦ ᠬᠡᠯᠡᠪᠡ᠃
 ᠺᠠᠨᠠᠨ ᠡᠮᠡᠭᠲᠡᠢ ᠶᠢᠨ ᠢᠲᠡᠭᠡᠯ

24 ᠢᠰᠦ᠋ᠰ ᠲᠡᠨᠳᠡ ᠡᠴᠡ ᠭᠠᠷᠴᠤ ᠲᠢᠷ ᠤᠨ ᠨᠤᠲᠤᠭ ᠲᠤ ᠣᠴᠢᠪᠠ᠃ ᠲᠡᠭᠡᠭᠡᠳ ᠨᠢᠭᠡᠨ ᠠᠢᠯ ᠳᠤ ᠣᠷᠣᠬᠤ ᠳᠠᠭᠠᠨ ᠬᠡᠨ ᠴᠤ ᠪᠦᠦ ᠠᠩᠵᠠᠭᠠᠷᠠᠰᠠᠢ ᠭᠡᠵᠦ ᠬᠦᠰᠡᠭᠰᠡᠨ ᠪᠣᠯᠪᠠᠴᠤ ᠨᠢᠭᠤᠵᠤ ᠴᠢᠳᠠᠭᠰᠠᠨ ᠦᠭᠡᠢ᠃ 25 ᠲᠡᠷᠡ ᠳᠠᠷᠤᠢ ᠲᠡᠭᠦᠨ ᠦ ᠲᠤᠬᠠᠢ ᠨᠢᠭᠡᠨ ᠡᠮᠡᠭᠲᠡᠢ ᠰᠣᠨᠣᠰᠣᠭᠠᠳ ᠢᠷᠡᠵᠦ ᠬᠥᠯ ᠦᠨ ᠬᠢᠨᠢ ᠡᠮᠦᠨ᠎ᠡ ᠰᠥᠭᠥᠳᠪᠡ᠃ 26 ᠲᠡᠷᠡ ᠡᠮᠡᠭᠲᠡᠢ ᠪᠤᠵᠠᠷ ᠴᠢᠳᠬᠥᠷ ᠣᠷᠣᠰᠢᠭᠰᠠᠨ ᠪᠢᠴᠢᠬᠠᠨ ᠥᠬᠢᠨ ᠲᠠᠢ ᠪᠥᠭᠡᠳ ᠰᠢᠷᠢᠶ᠎ᠠ ᠶᠢᠨ ᠹᠣᠢᠨᠢᠺᠢᠶ᠎ᠠ ᠭᠠᠷᠤᠯ ᠲᠠᠢ ᠭᠷᠧᠭ ᠬᠥᠮᠦᠨ ᠪᠠᠢᠵᠠᠢ᠃ ᠲᠡᠷᠡ ᠪᠡᠷ ᠥᠬᠢᠨ ᠡᠴᠡ ᠨᠢ ᠴᠢᠳᠬᠥᠷ ᠢ ᠬᠥᠭᠡᠭᠡᠬᠦ ᠶᠢ ᠢᠰᠦ᠋ᠰ ᠡᠴᠡ ᠭᠤᠶᠤᠯ᠎ᠠ᠃ 27 ᠢᠰᠦ᠋ᠰ ᠲᠡᠭᠦᠨ ᠳᠦ᠄ 《ᠬᠡᠦᠬᠡᠳ ᠤᠳ ᠢ ᠤᠷᠢᠳᠠᠪᠠᠷ ᠴᠠᠳᠬᠠᠬᠤ ᠶᠣᠰᠣᠲᠠᠢ᠃ ᠬᠡᠦᠬᠡᠳ ᠤᠳ ᠤᠨ ᠪᠣᠣᠪᠣ ᠶᠢ ᠠᠪᠴᠤ ᠭᠥᠯᠥᠭᠡ ᠳᠦᠨᠢ ᠬᠠᠶᠠᠵᠤ ᠥᠭᠬᠦ ᠨᠢ ᠰᠠᠢᠨ ᠪᠢᠰᠢ》 ᠭᠡᠬᠦ ᠳᠦ᠂ 28 ᠲᠡᠷᠡ ᠡᠮᠡᠭᠲᠡᠢ ᠬᠠᠷᠢᠭᠤ ᠳᠤᠨᠢ᠄ 《ᠡᠵᠡᠨ ᠡ᠂ ᠭᠡᠬᠦ ᠳᠡᠭᠡᠨ ᠰᠢᠷᠡᠭᠡᠨ ᠳᠣᠣᠷ᠎ᠠ ᠪᠠᠢᠭ᠎ᠠ ᠭᠥᠯᠥᠭᠡ ᠴᠤ ᠬᠡᠦᠬᠡᠳ ᠤᠳ ᠤᠨ ᠤᠨᠠᠭᠠᠭᠰᠠᠨ ᠦᠢᠷᠡᠮᠡᠭ ᠢ ᠢᠳᠡᠳᠡᠭ ᠰᠢᠦ ᠳᠠ》 ᠭᠡᠯ᠎ᠡ᠃ 29 ᠢᠰᠦ᠋ᠰ ᠲᠡᠭᠦᠨ ᠳᠦ᠄ 《ᠴᠢ ᠢᠩᠭᠢᠵᠦ ᠬᠡᠯᠡᠭᠰᠡᠨ ᠲᠤᠯᠠ ᠶᠠᠪᠤᠵᠤ ᠪᠣᠯᠣᠨ᠎ᠠ᠃ ᠥᠬᠢᠨ ᠡᠴᠡ ᠴᠢᠨᠢ ᠴᠢᠳᠬᠥᠷ ᠵᠠᠢᠯᠠᠯ᠎ᠠ》 ᠭᠡᠪᠡ᠃ 30 ᠲᠡᠷᠡ ᠡᠮᠡᠭᠲᠡᠢ ᠭᠡᠷ ᠲᠡᠭᠡᠨ ᠬᠠᠷᠢᠵᠤ ᠦᠵᠡᠬᠦ ᠳᠦ᠂ ᠬᠡᠦᠬᠡᠳ ᠨᠢ ᠣᠷᠣ ᠳᠡᠭᠡᠷ᠎ᠡ ᠪᠡᠨ ᠬᠡᠪᠲᠡᠵᠦ ᠴᠢᠳᠬᠥᠷ ᠵᠠᠢᠯᠠᠭᠰᠠᠨ ᠪᠠᠢᠯ᠎ᠠ᠃

31 ᠢᠰᠦ᠋ᠰ ᠲᠢᠷ ᠤᠨ ᠨᠤᠲᠤᠭ ᠠᠴᠠ ᠭᠠᠷᠴᠤ᠂ ᠰᠢᠢᠳᠣᠨ ᠢ ᠳᠠᠭᠠᠷᠢᠨ ᠳ᠋ᠧᠺᠠᠫᠣᠯᠢ 6  ᠶᠢᠨ ᠨᠤᠲᠤᠭ ᠢᠶᠠᠷ ᠥᠩᠭᠡᠷᠡᠵᠦ ᠭᠠᠯᠢᠯᠠᠶ᠎ᠠ ᠨᠠᠭᠤᠷ ᠲᠤ ᠬᠦᠷᠦᠭᠰᠡᠨ ᠳᠦ᠂ 32 ᠬᠥᠮᠦᠰ ᠳᠦᠯᠡᠢ ᠬᠡᠯᠡᠭᠡᠢ ᠨᠢᠭᠡ ᠬᠥᠮᠦᠨ ᠢ ᠠᠪᠴᠢᠷᠠᠵᠤ᠂ ᠲᠡᠭᠦᠨ ᠦ ᠳᠡᠭᠡᠷ᠎ᠡ ᠮᠤᠲᠤᠷ ᠢᠶᠠᠨ ᠲᠠᠯᠪᠢᠬᠤ ᠶᠢ ᠢᠰᠦ᠋ᠰ ᠡᠴᠡ ᠭᠤᠶᠤᠵᠠᠢ᠃ 33 ᠢᠰᠦ᠋ᠰ ᠲᠡᠷᠡ ᠬᠥᠮᠦᠨ ᠢ ᠬᠤᠷᠠᠭᠰᠠᠨ ᠣᠯᠠᠨ ᠠᠴᠠ ᠲᠤᠰ ᠲᠤᠨᠢ ᠠᠪᠠᠴᠢᠵᠤ᠂ ᠬᠤᠷᠤᠭᠤ ᠪᠠᠨ ᠬᠣᠶᠠᠷ ᠴᠢᠬᠢᠨ ᠳᠦᠨᠢ ᠬᠢᠭᠰᠡᠨ ᠪᠥᠭᠡᠳ ᠬᠤᠷᠤᠭᠤᠨ ᠳᠡᠭᠡᠷ᠎ᠡ ᠪᠡᠨ ᠨᠤᠯᠮᠤᠵᠤ ᠬᠡᠯᠡ ᠳᠦᠨᠢ ᠬᠦᠷᠭᠡᠭᠡᠳ 34 ᠲᠩᠷᠢ ᠥᠭᠡᠳᠡ ᠬᠠᠷᠠᠵᠤ ᠰᠠᠨᠠᠭ᠎ᠠ ᠠᠯᠳᠠᠭᠠᠳ ᠲᠡᠭᠦᠨ ᠳᠦ᠄ 《ᠧᠹᠹᠠᠲ᠋ᠠ》 (《ᠨᠡᠭᠡᠭᠡᠭᠳᠡ》 ᠭᠡᠰᠡᠨ ᠤᠳᠬ᠎ᠠ ᠲᠠᠢ᠃) ᠭᠡᠵᠦ ᠬᠡᠯᠡᠮᠡᠭᠴᠡ᠂ 35 ᠥᠨᠥᠬᠢ ᠬᠥᠮᠦᠨ ᠦ ᠴᠢᠬᠢ ᠨᠡᠭᠡᠭᠡᠭᠳᠡᠵᠦ ᠬᠡᠯᠡᠨ ᠦ ᠰᠠᠭᠠᠳ ᠨᠢ ᠲᠠᠢᠯᠤᠭᠳᠠᠭᠠᠳ ᠰᠢᠯᠤᠭᠤᠬᠠᠨ ᠶᠠᠷᠢᠵᠤ ᠡᠬᠢᠯᠡᠯ᠎ᠡ᠃ 36 ᠢᠰᠦ᠋ᠰ ᠬᠡᠨ ᠳᠦ ᠴᠤ ᠪᠦᠦ ᠶᠠᠷᠢ ᠭᠡᠵᠦ ᠣᠯᠠᠨ ᠳᠤ ᠵᠠᠬᠢᠭᠰᠠᠨ ᠪᠣᠯᠪᠠᠴᠤ ᠵᠠᠬᠢᠬᠤ ᠲᠤᠲᠤᠮ ᠲᠡᠳᠡ ᠤᠯᠠᠮ ᠢᠯᠡᠭᠦᠦ ᠲᠠᠷᠬᠠᠭᠠᠭᠰᠠᠭᠠᠷ ᠪᠠᠢᠯ᠎ᠠ᠃ 37 ᠬᠥᠮᠦᠰ ᠶᠡᠬᠡᠳᠡ ᠭᠠᠢᠬᠠᠵᠤ᠄ 《ᠢᠰᠦ᠋ᠰ ᠪᠦᠬᠦᠨ ᠢ ᠰᠠᠢᠨ ᠬᠢᠯ᠎ᠡ᠂ ᠲᠡᠷᠡ ᠳᠦᠯᠡᠢ ᠶᠢ ᠰᠣᠨᠣᠷ ᠲᠠᠢ ᠪᠣᠯᠭᠠᠵᠤ᠂ ᠬᠡᠯᠡᠭᠡᠢ ᠶᠢ ᠬᠡᠯᠡ ᠲᠠᠢ ᠪᠣᠯᠭᠠᠳᠠᠭ》 ᠬᠡᠮᠡᠨ ᠶᠠᠷᠢᠯᠴᠠᠵᠤ ᠪᠠᠢᠪᠠ᠃