1 2 3 4 5 6 7 8 9 10 11 12 13 14 15 16


ᠮᠠᠷᠺ ᠵᠢᠷᠭᠤᠭ᠎ᠠ
 ᠨᠤᠲᠤᠭ ᠲᠠᠭᠠᠨ ᠵᠢᠭᠠᠭᠰᠠᠨ ᠨᠢ

1 ᠢᠰᠦ᠋ᠰ ᠲᠡᠨᠳᠡ ᠡᠴᠡ ᠰᠠᠯᠵᠤ ᠨᠤᠲᠤᠭ ᠲᠠᠭᠠᠨ ᠣᠴᠢᠪᠠ᠃ ᠱᠠᠪᠢ ᠨᠠᠷ ᠨᠢ ᠲᠡᠭᠦᠨ ᠢ ᠳᠠᠭᠠᠵᠤ ᠪᠠᠢᠯ᠎ᠠ᠃ 2 ᠠᠮᠠᠷᠠᠯ ᠤᠨ ᠡᠳᠦᠷ ᠪᠣᠯᠬᠤ ᠳᠤ᠂ ᠢᠰᠦ᠋ᠰ ᠬᠤᠷᠠᠯ ᠤᠨ ᠲᠠᠩᠬᠢᠮ ᠳᠤ ᠰᠤᠷᠭᠠᠵᠤ ᠡᠬᠢᠯᠡᠭᠰᠡᠨ ᠳᠦ᠂ ᠣᠯᠠᠨ ᠬᠥᠮᠦᠨ ᠰᠣᠨᠣᠰᠣᠭᠠᠳ ᠴᠣᠴᠢᠷᠳᠠᠨ᠄ 《ᠡᠨᠡ ᠬᠥᠮᠦᠨ ᠡᠳᠡᠭᠡᠷ ᠢ ᠬᠠᠮᠢᠭ᠎ᠠ ᠠᠴᠠ ᠣᠯᠣᠭᠰᠠᠨ ᠪᠣᠯ︖ ᠲᠡᠭᠦᠨ ᠳᠦ ᠥᠭᠭᠥᠭᠳᠡᠭᠰᠡᠨ ᠮᠡᠷᠭᠡᠨ ᠤᠬᠠᠭᠠᠨ᠂ ᠲᠡᠭᠦᠨ ᠦ ᠭᠠᠷ ᠢᠶᠠᠷ ᠪᠦᠲᠦᠭᠡᠭᠳᠡᠭᠰᠡᠨ ᠡᠳᠡᠭᠡᠷ ᠬᠦᠴᠦᠲᠦ ᠦᠢᠯᠡᠰ ᠨᠢ ᠶᠠᠭᠤ ᠶᠤᠮ ᠪᠤᠢ︖ 3 ᠡᠨᠡ ᠴᠢᠨᠢ ᠮᠣᠳᠣᠴᠢᠨ ᠪᠢᠰᠢ ᠤᠤ︖ ᠮᠠᠷᠢᠶᠠ ᠶᠢᠨ ᠬᠦᠦ ᠪᠥᠭᠡᠳ ᠶᠠᠺᠣᠪ᠂ ᠶᠣᠰᠧ᠂ ᠶᠦᠳᠠ᠂ ᠰᠢᠮᠣᠨ ᠨᠠᠷ ᠤᠨ ᠠᠬ᠎ᠠ ᠪᠢᠰᠢ ᠤᠤ︖ ᠥᠬᠢᠨ ᠳᠡᠭᠦᠦ ᠨᠠᠷ ᠨᠢ ᠪᠢᠳᠡᠨ ᠲᠡᠢ ᠬᠠᠮᠲᠤ ᠡ᠊ᠨᠳᠡ ᠪᠠᠢᠭ᠎ᠠ ᠪᠢᠰᠢ ᠤᠤ︖》 ᠭᠡᠵᠡᠭᠡᠵᠦ ᠢᠰᠦ᠋ᠰ ᠲᠤ ᠳᠤᠷ᠎ᠠ ᠦᠭᠡᠶᠢᠴᠡᠵᠦ ᠪᠠᠢᠯ᠎ᠠ᠃ 4 ᠢᠰᠦ᠋ᠰ ᠲᠡᠳᠡᠨ ᠳᠦ᠄ 《ᠡᠰᠢ ᠦᠵᠡᠭᠦᠯᠦᠭᠴᠢ ᠨᠤᠲᠤᠭ ᠲᠠᠭᠠᠨ᠂ ᠲᠥᠷᠥᠯ ᠰᠠᠳᠤᠨ ᠳᠠᠭᠠᠨ᠂ ᠭᠡᠷ ᠣᠷᠣᠨ ᠳᠠᠭᠠᠨ ᠬᠦᠨᠳᠦᠯᠡᠭᠳᠡᠬᠦ ᠦᠭᠡᠢ ᠪᠠᠢᠳᠠᠭ》 ᠭᠡᠵᠦ ᠬᠡᠯᠡᠪᠡ᠃ 5 ᠢᠰᠦ᠋ᠰ ᠲᠡᠨᠳᠡ ᠴᠥᠭᠡᠨ ᠡᠪᠡᠳᠴᠢᠲᠡᠨ ᠳᠡᠭᠡᠷ᠎ᠡ ᠯᠠ ᠮᠤᠲᠤᠷ ᠢᠶᠠᠨ ᠲᠠᠯᠪᠢᠵᠤ ᠡᠳᠡᠭᠡᠭᠡᠭᠰᠡᠨ ᠡᠴᠡ ᠥᠭᠡᠷ᠎ᠡ ᠬᠦᠴᠦᠲᠦ ᠦᠢᠯᠡᠰ ᠦᠢᠯᠡᠳᠴᠦ ᠴᠢᠳᠠᠭᠰᠠᠨ ᠦᠭᠡᠢ ᠪᠥᠭᠡᠳ 6 ᠲᠡᠳᠡᠨ ᠦ ᠢᠲᠡᠭᠡᠯ ᠦᠭᠡᠢ ᠳᠦ ᠭᠠᠢᠬᠠᠵᠤ ᠪᠠᠢᠯ᠎ᠠ᠃
 ᠠᠷᠪᠠᠨ ᠬᠣᠶᠠᠷ ᠢᠶᠠᠨ ᠢᠯᠡᠭᠡᠭᠰᠡᠨ ᠨᠢ

7 ᠲᠡᠷᠡ ᠠᠷᠪᠠᠨ ᠬᠣᠶᠠᠷ ᠢᠶᠠᠨ ᠬᠠᠵᠠᠭᠤ ᠳᠠᠭᠠᠨ ᠳᠠᠭᠤᠳᠠᠵᠤ ᠪᠤᠵᠠᠷ ᠴᠢᠳᠬᠥᠷ ᠤᠳ ᠢ ᠡᠷᠬᠡᠰᠢᠶᠡᠬᠦ ᠡᠷᠬᠡ ᠮᠡᠳᠡᠯ ᠥᠭᠭᠥᠭᠡᠳ ᠬᠣᠶᠠᠷ ᠬᠣᠶᠠᠷ ᠢᠶᠠᠷ ᠢᠯᠡᠭᠡᠵᠦ ᠡᠬᠢᠯᠡᠪᠡ᠃ 8 ᠢᠰᠦ᠋ᠰ ᠲᠡᠳᠡᠨ ᠳᠦ᠄ 《ᠵᠠᠮ ᠳᠠᠭᠠᠨ ᠲᠠᠶᠠᠭ ᠠᠴᠠ ᠥᠭᠡᠷ᠎ᠡ ᠶᠠᠭᠤ ᠴᠤ ᠪᠦᠦ ᠠᠪ᠂ ᠬᠦᠨᠡᠰᠦ᠂ ᠪᠣᠭᠴᠣ᠂ ᠲᠦᠷᠡᠢᠪᠴᠢᠨ ᠳᠡᠭᠡᠨ ᠵᠣᠭᠣᠰ ᠴᠤ ᠪᠦᠦ ᠠᠪ᠂ 9 ᠱᠠᠬᠠᠢ ᠪᠠᠨ ᠡᠮᠦᠰ᠂ ᠢᠯᠡᠭᠦᠦ ᠬᠤᠪᠴᠠᠰᠤ ᠪᠦᠦ ᠠᠪ》 ᠭᠡᠵᠦ ᠵᠠᠬᠢᠵᠠᠢ᠃ 10 ᠢᠰᠦ᠋ᠰ ᠪᠠᠰᠠ᠄ 《ᠲᠠ ᠨᠠᠷ ᠬᠠᠮᠢᠭ᠎ᠠ ᠬᠦᠷᠦᠭᠰᠡᠨ ᠴᠤ ᠶᠠᠮᠠᠷ ᠠᠢᠯ ᠳᠤ ᠣᠷᠣᠪᠠᠯ᠂ ᠲᠡᠷᠡ ᠲᠣᠰᠬᠣᠨ ᠠᠴᠠ ᠶᠠᠪᠤᠲᠠᠯ᠎ᠠ ᠪᠠᠨ ᠲᠡᠨᠳᠡ ᠪᠠᠢᠭᠠᠷᠠᠢ᠃ 11 ᠶᠠᠮᠠᠷ ᠭᠠᠵᠠᠷ ᠤᠨ ᠬᠢᠨ ᠲᠠ ᠨᠠᠷ ᠢ ᠬᠦᠯᠢᠶᠡᠵᠦ ᠠᠪᠬᠤ ᠦᠭᠡᠢ᠂ ᠦᠭᠡ ᠶᠢ ᠴᠢᠨᠢ ᠣᠢᠰᠢᠶᠠᠬᠤ ᠦᠭᠡᠢ ᠪᠠᠢᠪᠠᠯ ᠲᠡᠨᠳᠡ ᠡᠴᠡ ᠶᠠᠪᠤᠬᠤ ᠳᠠᠭᠠᠨ ᠬᠥᠯ ᠦᠨ ᠢᠶᠠᠨ ᠲᠣᠭᠣᠰᠣ ᠶᠢ ᠭᠦᠪᠢᠵᠦ ᠲᠡᠳᠡᠨ ᠳᠦ ᠭᠡᠷᠡᠴᠢᠯᠡᠯ ᠪᠣᠯᠭ᠎ᠠ》 ᠭᠡᠪᠡ᠃ 12 ᠱᠠᠪᠢ ᠨᠠᠷ ᠨᠢ ᠶᠠᠪᠤᠵᠤ᠄ 《ᠭᠡᠮᠰᠢᠵᠡᠭᠡ》 ᠭᠡᠵᠦ ᠲᠤᠩ᠋ᠬᠠᠭᠯᠠᠭᠰᠠᠨ ᠪᠥᠭᠡᠳ 13 ᠪᠠᠰᠠ ᠣᠯᠠᠨ ᠴᠢᠳᠬᠥᠷ ᠢ ᠬᠥᠭᠡᠭᠡᠵᠦ᠂ ᠣᠯᠠᠨ ᠡᠪᠡᠳᠴᠢᠲᠡᠨ ᠢ ᠲᠣᠰᠣᠯᠠᠨ ᠡᠳᠡᠭᠡᠭᠡᠵᠦ ᠪᠠᠢᠯ᠎ᠠ᠃
 ᠶᠣᠬᠠᠨ ᠴᠠᠭᠠᠵᠠᠯᠠᠭᠳᠠᠭᠰᠠᠨ ᠨᠢ

14 ᠢᠰᠦ᠋ᠰ ᠤᠨ ᠨᠡᠷ᠎ᠡ ᠳᠠᠭᠤᠷᠢᠰᠤᠭᠠᠳ ᠾᠧᠷᠣᠳ᠋ ᠬᠠᠨ ᠤ ᠰᠣᠨᠣᠷ ᠲᠤ ᠬᠦᠷᠪᠡ᠃ ᠵᠠᠷᠢᠮ ᠬᠥᠮᠦᠨ᠄ 《ᠤᠬᠢᠶᠠᠯ ᠬᠦᠷᠲᠡᠭᠡᠭᠴᠢ ᠶᠣᠬᠠᠨ ᠦᠬᠦᠭᠰᠡᠳ ᠦᠨ ᠳᠤᠮᠳᠠ ᠠᠴᠠ ᠠᠮᠢᠯᠠᠭᠰᠠᠨ᠃ ᠡᠢᠮᠦ ᠡᠴᠡ ᠲᠡᠢᠮᠦ ᠬᠦᠴᠦ ᠲᠡᠭᠦᠨ ᠦ ᠳᠣᠲᠣᠷ᠎ᠠ ᠠᠵᠢᠯᠯᠠᠵᠤ ᠪᠠᠢᠨ᠎ᠠ》 ᠭᠡᠵᠦ᠂ 15 ᠵᠠᠷᠢᠮ ᠨᠢ᠄ 《ᠲᠡᠷᠡ ᠪᠣᠯ ᠧᠯᠢᠶ᠎ᠠ》 ᠭᠡᠵᠦ᠂ ᠵᠠᠷᠢᠮ ᠨᠢ᠄ 《ᠡᠷᠲᠡᠨ ᠦ ᠡᠰᠢ ᠦᠵᠡᠭᠦᠯᠦᠭᠴᠢᠳ ᠤᠨ ᠨᠢᠭᠡ ᠲᠠᠢ ᠨᠢ ᠠᠳᠠᠯᠢ ᠡᠰᠢ ᠦᠵᠡᠭᠦᠯᠦᠭᠴᠢ》 ᠭᠡᠵᠦ ᠪᠠᠢᠯ᠎ᠠ᠃ 16 ᠬᠠᠷᠢᠨ ᠾᠧᠷᠣᠳ᠋ ᠡᠳᠡᠭᠡᠷ ᠢ ᠳᠤᠭᠤᠯᠤᠭᠠᠳ᠄ 《ᠮᠢᠨᠦ ᠴᠠᠪᠴᠢᠵᠤ ᠠᠯᠠᠭᠰᠠᠨ ᠶᠣᠬᠠᠨ ᠮᠥᠨ᠂ ᠲᠡᠷᠡ ᠠᠮᠢᠯᠠᠵᠠᠢ》 ᠭᠡᠪᠡ᠃

17 ᠤᠤᠯ ᠨᠢ ᠾᠧᠷᠣᠳ᠋ ᠬᠥᠮᠦᠰ ᠢ ᠶᠠᠪᠤᠭᠤᠯᠤᠨ ᠶᠣᠬᠠᠨ ᠢ ᠪᠠᠷᠢᠭᠤᠯᠵᠤ ᠬᠦᠯᠢᠭᠡᠳ ᠭᠢᠨᠳᠠᠨ ᠳᠤ ᠬᠣᠷᠢᠭᠤᠯᠤᠭᠰᠠᠨ ᠪᠠᠢᠯ᠎ᠠ᠂ ᠶᠠᠭᠠᠬᠢᠭᠠᠳ ᠭᠡᠪᠡᠯ᠂ ᠾᠧᠷᠣᠳ᠋ ᠳᠡᠭᠦᠦ ᠹᠢᠯᠢᠫ ᠤᠨ ᠢᠶᠠᠨ ᠡᠬᠡᠨᠡᠷ ᠾᠧᠷᠣᠳᠢᠶ᠎ᠠ ᠲᠠᠢ ᠭᠡᠷᠯᠡᠭᠰᠡᠨ ᠳᠦ᠂ 18 ᠶᠣᠬᠠᠨ᠄ 《ᠳᠡᠭᠦᠦ ᠶᠢᠨ ᠢᠶᠠᠨ ᠡᠬᠡᠨᠡᠷ ᠢ ᠠᠪᠬᠤ ᠴᠢᠨᠢ ᠶᠣᠰᠣ ᠪᠤᠰᠤ ᠬᠡᠷᠡᠭ》 ᠭᠡᠵᠦ ᠬᠡᠯᠡᠳᠡᠭ ᠪᠠᠢᠪᠠ᠃ 19 ᠾᠧᠷᠣᠳᠢᠶ᠎ᠠ ᠶᠣᠬᠠᠨ ᠢ ᠵᠠᠨᠤᠵᠤ᠂ ᠠᠯᠠᠬᠤ ᠭᠡᠰᠡᠨ ᠪᠣᠯᠪᠠᠴᠤ ᠴᠢᠳᠠᠭᠰᠠᠨ ᠦᠭᠡᠢ᠃ 20 ᠤᠴᠢᠷ ᠨᠢ᠂ ᠾᠧᠷᠣᠳ᠋ ᠶᠣᠬᠠᠨ ᠢ ᠵᠥᠪᠲᠦ᠂ ᠠᠷᠢᠭᠤᠨ ᠬᠥᠮᠦᠨ ᠭᠡᠵᠦ ᠦᠵᠡᠭᠡᠳ ᠲᠡᠭᠦᠨ ᠡᠴᠡ ᠡᠮᠢᠶᠡᠵᠦ ᠲᠡᠭᠦᠨ ᠢ ᠬᠠᠮᠠᠭᠠᠯᠠᠳᠠᠭ ᠪᠠᠢᠪᠠ᠃ ᠾᠧᠷᠣᠳ᠋ ᠶᠣᠬᠠᠨ ᠤ ᠦᠭᠡ ᠶᠢ ᠰᠣᠨᠣᠰᠣᠭᠠᠳ ᠲᠡᠭᠡᠨᠡᠭᠡᠯᠵᠡᠳᠡᠭ᠌ ᠪᠣᠯᠪᠠᠴᠤ ᠳᠤᠷᠠᠲᠠᠶ᠎ᠠ ᠰᠣᠨᠣᠰᠴᠤ ᠪᠠᠢᠯ᠎ᠠ᠃ 21 ᠲᠡᠭᠡᠵᠦ ᠪᠠᠢᠲᠠᠯ᠎ᠠ ᠵᠠᠪᠰᠢᠶᠠᠨ ᠪᠣᠯᠵᠠᠢ᠃ ᠾᠧᠷᠣᠳ᠋ ᠲᠥᠷᠥᠭᠰᠡᠨ ᠡᠳᠦᠷ ᠦᠨ ᠪᠠᠶᠠᠷ ᠲᠠᠭᠠᠨ ᠨᠣᠶᠠᠳ ᠲᠦᠰᠢᠮᠡᠳ᠂ ᠮᠢᠩ᠋ᠭᠠᠲᠤ ᠶᠢᠨ ᠳᠠᠷᠤᠭ᠎ᠠ ᠨᠠᠷ ᠪᠣᠯᠣᠨ ᠭᠠᠯᠢᠯᠠᠶ᠎ᠠ ᠶᠢᠨ ᠲᠣᠯᠣᠭᠠᠢᠯᠠᠭᠴᠢᠳ ᠢ ᠤᠷᠢᠵᠦ ᠳᠠᠢᠯᠠᠯᠭ᠎ᠠ ᠬᠢᠬᠦ ᠳᠦ᠂ 22 ᠾᠧᠷᠣᠳᠢᠶ᠎ᠠ ᠶᠢᠨ ᠥᠬᠢᠨ ᠣᠷᠣᠵᠤ ᠢᠷᠡᠨ ᠪᠥᠵᠢᠭᠯᠡᠭᠡᠳ ᠾᠧᠷᠣᠳ᠋ ᠪᠣᠯᠣᠨ ᠵᠣᠴᠢᠳ ᠢ ᠨᠢ ᠪᠠᠶᠠᠷᠯᠠᠭᠤᠯᠪᠠ᠃ ᠬᠠᠨ ᠥᠬᠢᠨ ᠳᠤ᠄ 《ᠴᠢ ᠶᠠᠭᠤ ᠬᠦᠰᠡᠭᠰᠡᠨ ᠢᠶᠡᠨ ᠨᠠᠳᠠ ᠠᠴᠠ ᠭᠤᠶᠤ᠂ ᠪᠢ ᠴᠢᠮ᠎ᠠ ᠳᠤ ᠥᠭᠭᠥᠶ᠎ᠡ》 ᠭᠡᠪᠡ᠃ 23 ᠪᠠᠰᠠ ᠲᠡᠭᠦᠨ ᠳᠦ ᠪᠠᠲᠤᠲᠠᠢ ᠲᠠᠩ᠋ᠭᠠᠷᠢᠭᠯᠠᠨ᠄ 《ᠴᠢ ᠨᠠᠳᠠ ᠠᠴᠠ ᠶᠠᠭᠤ ᠬᠦᠰᠡᠭᠰᠡᠨ ᠴᠤ ᠴᠢᠮ᠎ᠠ ᠳᠤ ᠥᠭᠭᠥᠶ᠎ᠡ᠂ ᠤᠯᠤᠰ ᠤᠨ ᠢᠶᠠᠨ ᠬᠠᠭᠠᠰ ᠢ ᠴᠤ ᠪᠣᠯᠣᠨ᠎ᠠ》 ᠭᠡᠵᠦ ᠬᠡᠯᠡᠪᠡ᠃ 24 ᠥᠬᠢᠨ ᠭᠠᠷᠴᠤ ᠡᠬᠡ ᠡᠴᠡ ᠪᠡᠨ᠄ 《ᠪᠢ ᠶᠠᠭᠤ ᠭᠤᠶᠤᠬᠤ ᠪᠤᠢ︖》 ᠭᠡᠵᠦ ᠠᠰᠠᠭᠤᠬᠤ ᠳᠤ᠂ ᠡᠬᠡ ᠨᠢ᠄ 《ᠤᠬᠢᠶᠠᠯ ᠬᠦᠷᠲᠡᠭᠡᠭᠴᠢ ᠶᠣᠬᠠᠨ ᠤ ᠲᠣᠯᠣᠭᠠᠢ ᠶᠢ ᠭᠤᠶᠤᠭᠲᠤᠨ》 ᠭᠡᠵᠡᠢ᠃ 25 ᠥᠬᠢᠨ ᠬᠠᠨ ᠤ ᠡᠮᠦᠨ᠎ᠡ ᠱᠠᠯᠠᠪᠬᠠᠨ ᠬᠦᠷᠴᠦ᠄ 《ᠤᠬᠢᠶᠠᠯ ᠬᠦᠷᠲᠡᠭᠡᠭᠴᠢ ᠶᠣᠬᠠᠨ ᠤ ᠲᠣᠯᠣᠭᠠᠢ ᠶᠢ ᠲᠠᠪᠠᠭᠯᠠᠵᠤ ᠨᠠᠳᠠ ᠳᠤ ᠬᠤᠷᠳᠤᠬᠠᠨ ᠥᠭᠬᠦ ᠶᠢ ᠬᠦᠰᠡᠵᠦ ᠪᠠᠢᠨ᠎ᠠ》 ᠭᠡᠵᠦ ᠭᠤᠶᠤᠪᠠ᠃ 26 ᠬᠠᠨ ᠮᠠᠰᠢ ᠵᠣᠪᠠᠨᠢᠭᠰᠠᠨ ᠪᠣᠯᠪᠠᠴᠤ ᠥᠪᠡᠷ ᠢᠶᠡᠨ ᠲᠠᠩ᠋ᠭᠠᠷᠢᠭᠯᠠᠭᠰᠠᠨ ᠪᠥᠭᠡᠳ ᠵᠣᠴᠢᠳ ᠪᠠᠢᠭ᠎ᠠ ᠪᠣᠯᠬᠣᠷ ᠲᠠᠲᠠᠭᠠᠯᠵᠠᠬᠤ ᠶᠢ ᠬᠦᠰᠡᠭᠰᠡᠨ ᠦᠭᠡᠢ᠃ 27 ᠬᠠᠨ ᠲᠡᠷᠡ ᠳᠠᠷᠤᠢ ᠶᠠᠷᠭᠠᠴᠢᠨ ᠢᠶᠠᠨ ᠶᠠᠪᠤᠭᠤᠯᠵᠤ ᠶᠣᠬᠠᠨ ᠤ ᠲᠣᠯᠣᠭᠠᠢ ᠶᠢ ᠠᠪᠴᠢᠷᠠᠬᠤ ᠶᠢ ᠲᠤᠰᠢᠶᠠᠭᠰᠠᠨ ᠳᠤ᠂ ᠴᠠᠭᠠᠲᠤᠬᠢ ᠨᠢ ᠭᠢᠨᠳᠠᠨ ᠳᠤ ᠣᠴᠢᠵᠤ ᠶᠣᠬᠠᠨ ᠤ ᠲᠣᠯᠣᠭᠠᠢ ᠶᠢ ᠴᠠᠪᠴᠢᠨ᠂ 28 ᠲᠠᠪᠠᠭᠯᠠᠵᠤ ᠠᠪᠴᠢᠷᠠᠭᠠᠳ ᠥᠬᠢᠨ ᠳᠤ ᠥᠭᠬᠦ ᠳᠦ᠂ ᠥᠬᠢᠨ ᠡᠬᠡ ᠳᠡᠭᠡᠨ ᠥᠭᠪᠡ᠃ 29 ᠶᠣᠬᠠᠨ ᠤ ᠱᠠᠪᠢ ᠨᠠᠷ ᠡᠭᠦᠨ ᠢ ᠳᠤᠭᠤᠯᠤᠭᠠᠳ ᠢᠷᠡᠵᠦ ᠱᠠᠷᠢᠯ ᠢ ᠨᠢ ᠠᠪᠠᠴᠢᠨ ᠪᠤᠯᠠᠰᠢᠨ ᠳᠤ ᠣᠷᠣᠰᠢᠭᠤᠯᠤᠭᠰᠠᠨ ᠪᠠᠢᠨ᠎ᠠ᠃
 ᠲᠠᠪᠤᠨ ᠮᠢᠩ᠋ᠭ᠎ᠠ ᠶᠢ ᠬᠣᠭᠣᠯᠠᠯᠠᠭᠤᠯᠤᠭᠰᠠᠨ ᠨᠢ

30 ᠰᠢᠳᠠᠷ ᠱᠠᠪᠢ ᠨᠠᠷ ᠢᠰᠦ᠋ᠰ ᠤᠨ ᠳᠡᠷᠭᠡᠳᠡ ᠴᠤᠭᠯᠠᠷᠠᠭᠠᠳ ᠬᠢᠭᠰᠡᠨ ᠵᠢᠭᠠᠭᠰᠠᠨ ᠪᠦᠬᠦᠨ ᠢᠶᠡᠨ ᠲᠡᠭᠦᠨ ᠳᠦ ᠳᠤᠭᠤᠯᠭᠠᠯ᠎ᠠ᠃ 31 ᠢᠰᠦ᠋ᠰ ᠲᠡᠳᠡᠨ ᠳᠦ᠄ 《ᠲᠠ ᠨᠠᠷ ᠠᠰ ᠲᠠᠭᠠᠨ ᠢᠷᠡᠭᠡᠳ᠂ ᠡᠵᠡᠭᠦᠢ ᠭᠠᠵᠠᠷ ᠲᠤ ᠲᠦᠷ ᠠᠮᠠᠷᠠᠭᠲᠤᠨ》 ᠭᠡᠵᠡᠢ᠃ ᠤᠴᠢᠷ ᠨᠢ᠂ ᠢᠷᠡᠵᠦ ᠶᠠᠪᠤᠬᠤ ᠬᠥᠮᠦᠨ ᠣᠯᠠᠨ ᠲᠤᠯᠠ ᠲᠡᠳᠡᠨ ᠳᠦ ᠬᠣᠭᠣᠯᠠ ᠢᠳᠡᠬᠦ ᠵᠠᠪ ᠴᠤ ᠪᠠᠢᠭᠰᠠᠨ ᠦᠭᠡᠢ᠃ 32 ᠡᠢᠨ ᠬᠦ ᠲᠡᠳᠡ ᠵᠠᠪᠢ ᠪᠠᠷ ᠡᠵᠡᠭᠦᠢ ᠭᠠᠵᠠᠷ ᠢ ᠴᠢᠭᠯᠡᠨ ᠠᠰ ᠳᠠᠭᠠᠨ ᠶᠠᠪᠤᠬᠤ ᠳᠤ᠂ 33 ᠲᠡᠳᠡᠨ ᠦ ᠶᠠᠪᠤᠵᠤ ᠪᠤᠢ ᠶᠢ ᠣᠯᠠᠨ ᠬᠥᠮᠦᠨ ᠮᠡᠳᠡᠭᠰᠡᠨ ᠪᠥᠭᠡᠳ ᠬᠥᠮᠦᠰ ᠪᠦᠬᠦ ᠬᠣᠲᠠ ᠲᠣᠰᠬᠣᠨ ᠠᠴᠠ ᠭᠠᠷᠴᠤ᠂ ᠶᠠᠪᠠᠭᠠᠨ ᠢᠶᠠᠷ ᠭᠦᠶᠦᠯᠳᠦᠭᠰᠡᠭᠡᠷ ᠲᠡᠳᠡᠨ ᠡᠴᠡ ᠤᠷᠢᠳᠠᠪᠠᠷ ᠬᠦᠷᠪᠡ᠃ 34 ᠢᠰᠦ᠋ᠰ ᠪᠠᠭᠤᠵᠤ᠂ ᠦᠯᠡᠮᠵᠢ ᠣᠯᠠᠨ ᠬᠥᠮᠦᠨ ᠢ ᠬᠠᠷᠠᠭᠰᠠᠨ ᠢᠶᠠᠨ ᠥᠷᠥᠪᠳᠥᠵᠡᠢ᠃ ᠤᠴᠢᠷ ᠨᠢ᠂ ᠲᠡᠳᠡ ᠬᠣᠨᠢᠴᠢᠨ ᠦᠭᠡᠢ ᠬᠣᠨᠢᠳ ᠮᠡᠲᠦ ᠪᠠᠢᠯ᠎ᠠ᠃ ᠢᠰᠦ᠋ᠰ ᠲᠡᠳᠡᠨ ᠳᠦ ᠣᠯᠠᠨ ᠵᠦᠢᠯ ᠢ ᠵᠢᠭᠠᠵᠤ ᠡᠬᠢᠯᠡᠵᠡᠢ᠃ 35 ᠣᠷᠣᠢ ᠪᠣᠯᠬᠤ ᠳᠤ ᠱᠠᠪᠢ ᠨᠠᠷ ᠨᠢ ᠲᠡᠭᠦᠨ ᠳᠦ ᠢᠷᠡᠵᠦ᠄ 《ᠡᠨᠡ ᠭᠠᠵᠠᠷ ᠵᠡᠯᠢᠭᠦᠳ ᠳᠡᠭᠡᠷ᠎ᠡ ᠪᠡᠨ ᠣᠷᠣᠢ ᠴᠤ ᠪᠣᠯᠴᠢᠬᠠᠯ᠎ᠠ᠃ 36 ᠲᠡᠳᠡᠨ ᠢ ᠲᠠᠷᠬᠠᠭᠠᠭᠠᠷᠠᠢ᠂ ᠲᠡᠳᠡ ᠣᠢᠷ᠎ᠠ ᠬᠠᠪᠢ ᠶᠢᠨ ᠬᠥᠳᠡᠭᠡ ᠭᠠᠴᠠᠭ᠎ᠠ ᠪᠠᠷ ᠶᠠᠪᠤᠵᠤ ᠢᠳᠡᠬᠦ ᠶᠠᠭᠤᠮ᠎ᠠ ᠪᠠᠨ ᠬᠤᠳᠠᠯᠳᠤᠨ ᠠᠪᠤᠭ》 ᠭᠡᠪᠡ᠃ 37 ᠢᠰᠦ᠋ᠰ ᠬᠠᠷᠢᠭᠤ ᠳᠤᠨᠢ᠄ 《ᠲᠠ ᠨᠠᠷ ᠲᠡᠳᠡᠨ ᠳᠦ ᠢᠳᠡᠬᠦ ᠶᠠᠭᠤᠮ᠎ᠠ ᠥᠭ》 ᠭᠡᠬᠦ ᠳᠦ᠂ ᠱᠠᠪᠢ ᠨᠠᠷ ᠨᠢ᠄ 《ᠪᠢᠳᠡ ᠶᠠᠪᠤᠵᠤ ᠬᠣᠶᠠᠷ ᠵᠠᠭᠤᠨ ᠳ᠋ᠧᠨᠠᠷ 4  ᠢᠶᠠᠷ ᠪᠣᠣᠪᠣ ᠬᠤᠳᠠᠯᠳᠤᠵᠤ ᠠᠪᠤᠭᠠᠳ ᠲᠡᠳᠡᠨ ᠳᠦ ᠢᠳᠡᠭᠦᠯᠬᠦ ᠭᠡᠵᠢ ᠤᠤ︖》 ᠭᠡᠪᠡ᠃ 38 ᠢᠰᠦ᠋ᠰ ᠲᠡᠳᠡᠨ ᠳᠦ᠄ 《ᠲᠠ ᠨᠠᠷ ᠲᠤ ᠬᠡᠳᠦᠨ ᠪᠣᠣᠪᠣ ᠪᠠᠢᠨ᠎ᠠ ᠪᠤᠢ︖ ᠣᠴᠢᠵᠤ ᠦᠵᠡ》 ᠭᠡᠬᠦ ᠳᠦ᠂ ᠲᠡᠳᠡ ᠦᠵᠡᠵᠦ ᠢᠷᠡᠭᠡᠳ᠄ 《ᠲᠠᠪᠤ ᠪᠠᠢᠨ᠎ᠠ᠂ ᠪᠠᠰᠠ ᠬᠣᠶᠠᠷ ᠵᠢᠭᠠᠰᠤ ᠪᠠᠢᠨ᠎ᠠ》 ᠭᠡᠯ᠎ᠡ᠃ 39 ᠢᠰᠦ᠋ᠰ ᠪᠦᠬᠦ ᠬᠥᠮᠦᠨ ᠢ ᠨᠣᠭᠣᠭᠠᠨ ᠵᠦᠯᠭᠡᠨ ᠳᠡᠭᠡᠷ᠎ᠡ ᠪᠦᠯᠦᠭ ᠪᠦᠯᠦᠭ ᠢᠶᠡᠷ ᠨᠢ ᠰᠠᠭᠤᠯᠭᠠᠬᠤ ᠶᠢ ᠱᠠᠪᠢ ᠨᠠᠷ ᠲᠠᠭᠠᠨ ᠵᠠᠬᠢᠭᠰᠠᠨ ᠳᠤ᠂ 40 ᠬᠥᠮᠦᠰ ᠵᠠᠭᠤ ᠵᠠᠭᠤ᠂ ᠲᠠᠪᠢ ᠲᠠᠪᠢ ᠪᠠᠷ ᠰᠠᠭᠤᠵᠠᠭᠠᠯ᠎ᠠ᠃ 41 ᠢᠰᠦ᠋ᠰ ᠲᠠᠪᠤᠨ ᠪᠣᠣᠪᠣ᠂ ᠬᠣᠶᠠᠷ ᠵᠢᠭᠠᠰᠤ ᠶᠢ ᠠᠪᠴᠤ ᠲᠩᠷᠢ ᠥᠭᠡᠳᠡ ᠬᠠᠷᠠᠨ ᠢᠷᠥᠭᠡᠭᠡᠳ ᠪᠣᠣᠪᠣ ᠶᠢ ᠬᠠᠭᠠᠯᠪᠠ᠃ ᠲᠡᠷᠡ ᠱᠠᠪᠢ ᠨᠠᠷ ᠲᠠᠭᠠᠨ ᠥᠭᠴᠦ ᠪᠠᠢᠬᠤ ᠳᠤ᠂ ᠲᠡᠳᠡ ᠨᠠᠷ ᠨᠢ ᠬᠥᠮᠦᠰ ᠦᠨ ᠡᠮᠦᠨ᠎ᠡ ᠲᠠᠯᠪᠢᠵᠤ ᠪᠠᠢᠯ᠎ᠠ᠃ ᠲᠡᠷᠡ ᠪᠡᠷ ᠬᠣᠶᠠᠷ ᠵᠢᠭᠠᠰᠤ ᠶᠢ ᠴᠤ ᠪᠦᠬᠦ ᠬᠥᠮᠦᠨ ᠳᠦ ᠬᠤᠪᠢᠶᠠᠨ ᠥᠭᠪᠡ᠃ 42 ᠲᠡᠳᠡ ᠪᠦᠭᠦᠳᠡᠭᠡᠷ ᠢᠶᠡᠨ ᠢᠳᠡᠵᠦ ᠴᠠᠳᠤᠭᠰᠠᠨ ᠪᠥᠭᠡᠳ 43 ᠪᠣᠣᠪᠣ ᠪᠠ ᠵᠢᠭᠠᠰᠤᠨ ᠤ ᠦᠯᠡᠳᠡᠪᠦᠷᠢ ᠶᠢ ᠴᠤᠭᠯᠠᠭᠤᠯᠬᠤ ᠳᠤ᠂ ᠠᠷᠪᠠᠨ ᠬᠣᠶᠠᠷ ᠰᠠᠭᠰᠤ ᠳᠦᠭᠦᠷᠴᠡᠢ᠃ 44 ᠪᠣᠣᠪᠣ ᠢᠳᠡᠭᠰᠡᠨ ᠡᠷᠡᠴᠦᠳ ᠲᠠᠪᠤᠨ ᠮᠢᠩ᠋ᠭ᠎ᠠ ᠪᠠᠢᠭᠰᠠᠨ ᠶᠤᠮ᠃
 ᠢᠰᠦ᠋ᠰ ᠤᠰᠤᠨ ᠳᠡᠭᠡᠷ᠎ᠡ ᠠᠯᠬᠤᠭᠰᠠᠨ ᠨᠢ

45 ᠲᠡᠷᠡ ᠳᠠᠷᠤᠢ ᠢᠰᠦ᠋ᠰ ᠱᠠᠪᠢ ᠨᠠᠷ ᠢᠶᠠᠨ ᠰᠢᠪᠠᠳᠠᠨ ᠵᠠᠪᠢᠨ ᠳᠤ ᠰᠠᠭᠤᠯᠭᠠᠵᠤ ᠨᠠᠭᠤᠷ ᠤᠨ ᠨᠥᠭᠥᠭᠡ ᠲᠠᠯ᠎ᠠ ᠳᠠᠬᠢ ᠪᠧᠲ᠋ᠰᠠᠢᠳᠠ ᠤᠷᠤᠭᠤ ᠶᠠᠪᠤᠭᠤᠯᠤᠭᠰᠠᠨ ᠪᠥᠭᠡᠳ ᠲᠡᠷᠡ ᠵᠠᠪᠰᠠᠷ ᠥᠪᠡᠷ ᠢᠶᠡᠨ ᠴᠤᠭᠯᠠᠷᠠᠭᠰᠠᠨ ᠣᠯᠠᠨ ᠢ ᠲᠠᠷᠬᠠᠭᠠᠪᠠ᠃ 46 ᠲᠡᠳᠡᠨ ᠢ ᠶᠠᠪᠤᠭᠤᠯᠤᠭᠰᠠᠨ ᠤ ᠪᠠᠨ ᠳᠠᠷᠠᠭ᠎ᠠ᠂ ᠲᠡᠷᠡ ᠳᠠᠭᠠᠳᠬᠠᠬᠤ ᠪᠠᠷ ᠠᠭᠤᠯᠠ ᠥᠭᠡᠳᠡ ᠶᠠᠪᠤᠭᠰᠠᠨ ᠪᠠᠢᠨ᠎ᠠ᠃

47 ᠣᠷᠣᠢ ᠪᠣᠯᠬᠤ ᠳᠤ ᠵᠠᠪᠢ ᠨᠢ ᠨᠠᠭᠤᠷ ᠤᠨ ᠳᠤᠮᠳᠠ᠂ ᠢᠰᠦ᠋ᠰ ᠬᠠᠷᠢᠨ ᠭᠠᠭᠴᠠᠭᠠᠷ ᠢᠶᠠᠨ ᠬᠠᠭᠤᠷᠠᠢ ᠳᠡᠭᠡᠷ᠎ᠡ ᠪᠠᠢᠪᠠ᠃ 48 ᠢᠰᠦ᠋ᠰ ᠱᠠᠪᠢ ᠨᠠᠷ ᠤᠨ ᠢᠶᠠᠨ ᠰᠠᠯᠬᠢ ᠰᠥᠷᠥᠨ ᠬᠦᠴᠢᠷᠳᠡᠨ ᠰᠡᠯᠢᠭᠦᠷᠳᠡᠵᠦ ᠪᠠᠢᠭ᠎ᠠ ᠶᠢ ᠦᠵᠡᠪᠡ᠃ ᠲᠡᠷᠡ ᠪᠡᠷ ᠦᠷ ᠢᠶᠡᠷ ᠲᠡᠳᠡᠨ ᠢ ᠵᠦᠭᠯᠡᠨ ᠨᠠᠭᠤᠷ ᠤᠨ ᠳᠡᠭᠡᠭᠦᠷ ᠠᠯᠬᠤᠨ ᠢᠷᠡᠭᠡᠳ ᠬᠠᠵᠠᠭᠤ ᠪᠠᠷ ᠨᠢ ᠥᠩᠭᠡᠷᠡᠶ᠎ᠡ ᠭᠡᠵᠦ ᠪᠠᠢᠲᠠᠯ᠎ᠠ᠂ 49 ᠱᠠᠪᠢ ᠨᠠᠷ ᠨᠢ ᠲᠡᠭᠦᠨ ᠦ ᠨᠠᠭᠤᠷ ᠳᠡᠭᠡᠭᠦᠷ ᠠᠯᠬᠤᠬᠤ ᠶᠢ ᠬᠠᠷᠠᠭᠰᠠᠨ ᠢᠶᠠᠨ ᠠᠯᠪᠢᠨ ᠭᠡᠵᠦ ᠪᠣᠳᠣᠭᠠᠳ ᠬᠠᠰᠬᠢᠷᠤᠯᠳᠤᠪᠠ᠃ 50 ᠲᠡᠳᠡ ᠪᠦᠭᠦᠳᠡᠭᠡᠷ ᠢᠶᠡᠨ ᠲᠡᠭᠦᠨ ᠢ ᠬᠠᠷᠠᠭᠠᠳ ᠪᠠᠯᠠᠮᠠᠭᠳᠠᠵᠠᠢ᠃ ᠢᠰᠦ᠋ᠰ ᠲᠡᠷᠡ ᠳᠠᠷᠤᠢ ᠲᠡᠳᠡᠨ ᠳᠦ᠄ 《ᠵᠣᠷᠢᠭᠲᠠᠢ ᠪᠠᠢ᠂ ᠪᠢ ᠪᠠᠢᠨ᠎ᠠ᠂ ᠪᠦᠦ ᠠᠶᠤ》 ᠭᠡᠵᠦ ᠬᠡᠯᠡᠪᠡ᠃ 51 ᠢᠰᠦ᠋ᠰ ᠲᠡᠳᠡᠨ ᠦ ᠪᠠᠢᠭ᠎ᠠ ᠵᠠᠪᠢᠨ ᠳᠤ ᠭᠠᠷᠬᠤ ᠳᠤ ᠰᠠᠯᠬᠢ ᠵᠣᠭᠰᠣᠵᠠᠢ᠃ ᠱᠠᠪᠢ ᠨᠠᠷ ᠨᠢ ᠲᠤᠢᠯ ᠢᠶᠠᠷ ᠭᠠᠢᠬᠠᠵᠤ ᠪᠠᠢᠯ᠎ᠠ᠃ 52 ᠲᠡᠳᠡ ᠪᠣᠣᠪᠣ ᠶᠢᠨ ᠶᠠᠪᠤᠳᠠᠯ ᠢ ᠤᠬᠠᠭᠰᠠᠨ ᠦᠭᠡᠢ᠂ ᠤᠤᠯ ᠨᠢ ᠲᠡᠳᠡᠨ ᠦ ᠤᠬᠠᠭᠠᠨ ᠮᠣᠬᠣᠭᠰᠠᠨ ᠪᠠᠢᠵᠠᠢ᠃
 ᠭᠧᠨᠧᠰᠠᠷᠧᠲ ᠲᠤ ᠡᠳᠡᠭᠡᠭᠡᠭᠰᠡᠨ ᠨᠢ

53 ᠲᠡᠳᠡ ᠭᠠᠲᠤᠯᠤᠭᠠᠳ ᠭᠧᠨᠧᠰᠠᠷᠧᠲ ᠨᠤᠲᠤᠭ ᠲᠤ ᠬᠦᠷᠴᠦ ᠵᠠᠩ᠋ᠭᠤᠤ ᠪᠠᠨ ᠪᠠᠭᠤᠯᠭᠠᠪᠠ᠃ 54 ᠲᠡᠳᠡ ᠵᠠᠪᠢᠨ ᠠᠴᠠ ᠪᠠᠭᠤᠮᠠᠭᠴᠠ ᠬᠥᠮᠦᠰ ᠢᠰᠦ᠋ᠰ ᠢ ᠲᠠᠨᠢᠭᠠᠳ 55 ᠪᠦᠬᠦ ᠨᠤᠲᠤᠭ ᠢᠶᠠᠷ ᠢᠶᠠᠨ ᠭᠦᠶᠦᠯᠳᠦᠵᠦ᠂ ᠡᠪᠡᠳᠴᠢᠲᠡᠳ ᠢᠶᠡᠨ ᠳᠡᠪᠢᠰᠬᠡᠷ ᠲᠡᠢ ᠨᠢ ᠠᠪᠤᠭᠠᠳ ᠢᠰᠦ᠋ᠰ ᠬᠠᠮᠢᠭ᠎ᠠ ᠪᠠᠢᠨ᠎ᠠ ᠭᠡᠪᠡᠯ ᠲᠡᠰᠢ ᠣᠴᠢᠵᠤ ᠡᠬᠢᠯᠡᠯ᠎ᠡ᠃ 56 ᠲᠡᠷᠡ ᠭᠠᠴᠠᠭ᠎ᠠ᠂ ᠲᠣᠰᠬᠣᠨ᠂ ᠬᠥᠳᠡᠭᠡ ᠶᠢᠨ ᠬᠠᠮᠢᠭ᠎ᠠ ᠣᠴᠢᠭᠰᠠᠨ ᠴᠤ ᠬᠥᠮᠦᠰ ᠵᠡᠭᠡᠯᠢ ᠳᠡᠭᠡᠷ᠎ᠡ ᠡᠪᠡᠳᠴᠢᠲᠡᠳ ᠢᠶᠡᠨ ᠲᠠᠯᠪᠢᠭᠠᠳ᠂ ᠭᠠᠷ ᠢ ᠨᠢ ᠬᠤᠪᠴᠠᠰᠤᠨ ᠤ ᠪᠠᠨ ᠬᠣᠷᠮᠣᠢ ᠳᠤ ᠴᠤ ᠭᠡᠰᠡᠨ ᠨᠢᠭᠡ ᠬᠦᠷᠭᠡᠭᠦᠯᠦᠭᠡᠴᠢ ᠭᠡᠵᠦ ᠲᠡᠭᠦᠨ ᠡᠴᠡ ᠭᠤᠶᠤᠵᠠᠭᠠᠵᠤ ᠪᠠᠢᠪᠠ᠃ ᠡᠢᠨ ᠬᠦ ᠭᠠᠷ ᠢᠶᠠᠨ ᠬᠦᠷᠭᠡᠭᠰᠡᠨ ᠪᠦᠬᠦᠨ ᠡᠳᠡᠭᠡᠷᠡᠯ᠎ᠡ᠃