1 2 3 4 5 6 7 8 9 10 11 12 13 14 15 16


ᠮᠠᠷᠺ ᠠᠷᠪᠠᠨ ᠲᠠᠪᠤ
 ᠢᠰᠦ᠋ᠰ ᠪᠠᠢᠴᠠᠭᠠᠭᠳᠠᠭᠰᠠᠨ ᠨᠢ

1 ᠦᠷ ᠢᠶᠡᠷ ᠠᠬᠠᠯᠠᠬᠤ ᠲᠠᠬᠢᠯᠴᠢᠳ ᠨᠢ ᠠᠬᠠᠯᠠᠭᠴᠢᠳ᠂ ᠪᠢᠴᠢᠭᠲᠡᠳ ᠪᠣᠯᠣᠨ ᠪᠦᠬᠦ ᠰᠢᠭᠦᠬᠦ ᠵᠥᠪᠯᠡᠯ ᠦᠨ ᠬᠢᠨ ᠲᠠᠢ ᠲᠡᠷᠡ ᠳᠠᠷᠤᠢ ᠵᠥᠪᠯᠡᠯᠳᠦᠭᠰᠡᠨ ᠦ ᠳᠠᠷᠠᠭ᠎ᠠ᠂ ᠢᠰᠦ᠋ᠰ ᠢ ᠬᠦᠯᠢᠵᠦ ᠠᠪᠠᠴᠢᠭᠠᠳ ᠫᠢᠯᠠᠲ ᠲᠤ ᠲᠤᠰᠢᠶᠠᠪᠠ᠃ 2 ᠫᠢᠯᠠᠲ ᠢᠰᠦ᠋ᠰ ᠡᠴᠡ᠄ 《ᠴᠢ ᠶᠦᠳᠠᠢᠴᠤᠳ ᠤᠨ ᠬᠠᠭᠠᠨ ᠮᠥᠨ ᠤᠤ︖》 ᠭᠡᠵᠦ ᠠᠰᠠᠭᠤᠬᠤ ᠳᠤ᠂ ᠲᠡᠷᠡ᠄ 《ᠴᠢ ᠥᠪᠡᠷ ᠢᠶᠡᠨ ᠬᠡᠯᠡᠵᠦ ᠪᠠᠢᠨ᠎ᠠ》 ᠭᠡᠯ᠎ᠡ᠃ 3 ᠠᠬᠠᠯᠠᠬᠤ ᠲᠠᠬᠢᠯᠴᠢᠳ ᠢᠰᠦ᠋ᠰ ᠢ ᠣᠯᠠᠨ ᠵᠦᠢᠯ ᠢᠶᠠᠷ ᠵᠠᠭᠠᠯᠳᠤᠵᠤ ᠪᠠᠢᠪᠠ᠃ 4 ᠫᠢᠯᠠᠲ᠄ 《ᠬᠠᠷᠠᠭᠠᠴᠢ︕ ᠲᠡᠳᠡ ᠬᠡᠴᠢᠨᠡᠨ ᠣᠯᠠᠨ ᠵᠦᠢᠯ ᠢᠶᠠᠷ ᠴᠢᠮ᠎ᠠ ᠶᠢ ᠵᠠᠭᠠᠯᠳᠤᠵᠤ ᠪᠠᠢᠨ᠎ᠠ᠂ ᠴᠢ ᠶᠠᠭᠤ ᠴᠤ ᠬᠠᠷᠢᠭᠤᠯᠬᠤ ᠦᠭᠡᠢ ᠶᠤᠮ ᠤᠤ︖》 ᠭᠡᠵᠦ ᠢᠰᠦ᠋ᠰ ᠡᠴᠡ ᠳᠠᠬᠢᠨ ᠠᠰᠠᠭᠤᠭᠰᠠᠨ ᠪᠣᠯᠪᠠᠴᠤ 5 ᠲᠡᠷᠡ ᠮᠥᠨ ᠯᠠ ᠶᠠᠭᠤ ᠴᠤ ᠬᠠᠷᠢᠭᠤᠯᠤᠭᠰᠠᠨ ᠦᠭᠡᠢ ᠳᠦ᠂ ᠫᠢᠯᠠᠲ ᠭᠠᠢᠬᠠᠪᠠ᠃

6 ᠪᠠᠶᠠᠷ ᠤᠨ ᠦᠶ᠎ᠡ ᠳᠦ᠂ ᠫᠢᠯᠠᠲ ᠠᠷᠠᠳ ᠤᠨ ᠭᠤᠶᠤᠭᠰᠠᠨ ᠢᠶᠠᠷ ᠨᠢᠭᠡ ᠬᠣᠷᠢᠭᠳᠠᠯ ᠢ ᠰᠤᠯᠠᠯᠠᠳᠠᠭ ᠵᠠᠩᠰᠢᠯ ᠲᠠᠢ ᠪᠠᠢᠵᠠᠢ᠃ 7 ᠶᠠᠭ ᠲᠡᠷᠡ ᠦᠶ᠎ᠡ ᠳᠦ᠂ ᠪᠠᠷᠠᠪ ᠭᠡᠭᠴᠢ ᠬᠥᠮᠦᠨ ᠦᠢᠮᠡᠭᠡᠨ ᠳᠡᠭᠳᠡᠭᠡᠭᠰᠡᠨ ᠬᠠᠮᠰᠠᠭᠠᠲᠠᠳ ᠲᠠᠢ ᠪᠠᠨ ᠬᠣᠷᠢᠭᠳᠠᠵᠤ ᠪᠠᠢᠭᠰᠠᠨ ᠪᠠᠢᠵᠠᠢ᠃ ᠲᠡᠳᠡ ᠦᠢᠮᠡᠭᠡᠨ ᠦ ᠦᠶ᠎ᠡ ᠳᠦ ᠬᠥᠮᠦᠨ ᠠᠯᠠᠭᠰᠠᠨ ᠠᠵᠢ᠃ 8 ᠠᠷᠠᠳ ᠣᠯᠠᠨ ᠫᠢᠯᠠᠲ ᠲᠤ ᠣᠴᠢᠵᠤ᠂ ᠤᠷᠢᠳᠤ ᠶᠢᠨ ᠶᠣᠰᠣᠭᠠᠷ ᠲᠡᠳᠡᠨ ᠳᠦ ᠬᠢᠵᠦ ᠥᠭᠬᠦ ᠶᠢ ᠭᠤᠶᠤᠭᠰᠠᠨ ᠳᠤ᠂ 9 ᠫᠢᠯᠠᠲ ᠬᠠᠷᠢᠭᠤ ᠳᠤᠨᠢ᠄ 《ᠲᠠ ᠨᠠᠷ ᠶᠦᠳᠠᠢᠴᠤᠳ ᠤᠨ ᠬᠠᠭᠠᠨ ᠢ ᠰᠤᠯᠠᠯᠠᠭᠤᠯᠬᠤ ᠪᠠᠷ ᠨᠠᠳᠠ ᠠᠴᠠ ᠭᠤᠶᠤᠵᠤ ᠪᠠᠢᠨ᠎ᠠ ᠤᠤ︖》 ᠭᠡᠪᠡ᠃ 10 ᠤᠴᠢᠷ ᠨᠢ᠂ ᠠᠬᠠᠯᠠᠬᠤ ᠲᠠᠬᠢᠯᠴᠢᠳ ᠠᠲᠠᠭᠠᠷᠬᠠᠬᠤ ᠳᠠᠭᠠᠨ ᠢᠰᠦ᠋ᠰ ᠢ ᠲᠤᠰᠢᠶᠠᠭᠰᠠᠨ ᠢ ᠫᠢᠯᠠᠲ ᠮᠡᠳᠡᠵᠦ ᠪᠠᠢᠯ᠎ᠠ᠃ 11 ᠠᠬᠠᠯᠠᠬᠤ ᠲᠠᠬᠢᠯᠴᠢᠳ ᠬᠤᠷᠠᠭᠰᠠᠨ ᠣᠯᠠᠨ ᠢ ᠥᠳᠥᠭᠡᠨ᠄ 《ᠪᠠᠷᠠᠪ ᠢ ᠰᠤᠯᠠᠯᠠ》 ᠭᠡᠵᠦ ᠭᠤᠶᠤᠭᠤᠯᠪᠠ᠃ 12 ᠫᠢᠯᠠᠲ ᠳᠠᠬᠢᠨ ᠬᠠᠷᠢᠭᠤ ᠳᠤᠨᠢ᠄ 《ᠲᠡᠭᠡᠪᠡᠯ ᠶᠦᠳᠠᠢᠴᠤᠳ ᠤᠨ ᠬᠠᠭᠠᠨ ᠭᠡᠵᠦ ᠲᠠ ᠨᠠᠷ ᠤᠨ ᠬᠡᠯᠡᠳᠡᠭ ᠲᠡᠷᠡ ᠬᠥᠮᠦᠨ ᠢ ᠪᠢ ᠶᠠᠭᠠᠬᠢᠬᠤ ᠪᠤᠢ︖》 ᠭᠡᠬᠦ ᠳᠦ᠂ 13 ᠲᠡᠳᠡ ᠳᠠᠬᠢᠨ᠄ 《ᠲᠡᠭᠦᠨ ᠢ ᠵᠠᠭᠠᠯᠮᠠᠢ ᠳᠤ ᠴᠣᠪᠳᠣᠯᠠ︕》 ᠭᠡᠵᠦ ᠬᠠᠰᠬᠢᠷᠤᠯᠳᠤᠪᠠ᠃ 14 ᠬᠠᠷᠢᠨ ᠫᠢᠯᠠᠲ᠄ 《ᠶᠠᠭᠤᠨ ᠳᠤ ᠪᠤᠢ︖ ᠲᠡᠷᠡ ᠶᠠᠮᠠᠷ ᠮᠠᠭᠤ ᠶᠢ ᠦᠢᠯᠡᠳᠦᠭᠰᠡᠨ ᠪᠤᠢ︖》 ᠭᠡᠬᠦ ᠳᠦ᠂ ᠲᠡᠳᠡ ᠤᠯᠠᠮ ᠴᠢᠩᠭ᠍᠎ᠠ ᠳᠠᠭᠤ ᠪᠠᠷ᠄ 《ᠲᠡᠭᠦᠨ ᠢ ᠵᠠᠭᠠᠯᠮᠠᠢ ᠳᠤ ᠴᠣᠪᠳᠣᠯᠠ︕》 ᠭᠡᠵᠦ ᠬᠠᠰᠬᠢᠷᠤᠯᠳᠤᠭᠰᠠᠨ ᠲᠤᠯᠠ 15 ᠫᠢᠯᠠᠲ ᠬᠤᠷᠠᠭᠰᠠᠨ ᠣᠯᠠᠨ ᠤ ᠲᠠᠭᠠᠯᠠᠯ ᠳᠤ ᠨᠡᠢᠴᠡᠭᠦᠯᠬᠦ ᠭᠡᠵᠦ ᠪᠠᠷᠠᠪ ᠢ ᠰᠤᠯᠠᠯᠠᠭᠰᠠᠨ ᠪᠥᠭᠡᠳ ᠢᠰᠦ᠋ᠰ ᠢ ᠲᠠᠰᠢᠭᠤᠷᠳᠠᠭᠤᠯᠤᠭᠰᠠᠨ ᠤ ᠳᠠᠷᠠᠭ᠎ᠠ᠂ ᠵᠠᠭᠠᠯᠮᠠᠢ ᠳᠤ ᠴᠣᠪᠳᠣᠯᠠᠭᠤᠯᠬᠤ ᠪᠠᠷ ᠲᠤᠰᠢᠶᠠᠪᠠ᠃
 ᠢᠰᠦ᠋ᠰ ᠳᠣᠷᠣᠮᠵᠢᠯᠠᠭᠳᠠᠭᠰᠠᠨ ᠨᠢ

16 ᠴᠡᠷᠢᠭ ᠤᠳ ᠢᠰᠦ᠋ᠰ ᠢ ᠶᠡᠷᠦᠩᠬᠡᠢ ᠵᠠᠬᠢᠷᠤᠭᠴᠢ ᠶᠢᠨ ᠣᠷᠳᠣᠨ ᠤ ᠬᠦᠷᠢᠶᠡᠨ ᠳᠦ ᠠᠪᠠᠴᠢᠯ᠎ᠠ᠃ ᠲᠡᠳᠡ ᠪᠦᠬᠦ ᠬᠤᠸᠠᠷᠠᠨ ᠤ ᠬᠢᠨ ᠢᠶᠠᠨ ᠴᠤᠭᠯᠠᠭᠤᠯᠤᠭᠠᠳ 17 ᠢᠰᠦ᠋ᠰ ᠲᠤ ᠨᠢᠯ ᠶᠠᠭᠠᠨ ᠨᠥᠮᠥᠷᠭᠡ ᠨᠥᠮᠥᠷᠭᠡᠵᠦ᠂ ᠥᠷᠭᠡᠰᠦᠲᠦ ᠮᠥᠴᠢᠷ ᠢᠶᠠᠷ ᠲᠢᠲᠢᠮ ᠰᠦᠯᠵᠢᠨ ᠡᠮᠦᠰᠬᠡᠭᠰᠡᠨ ᠦ ᠳᠠᠷᠠᠭ᠎ᠠ᠂ 18 《ᠶᠦᠳᠠᠢᠴᠤᠳ ᠤᠨ ᠬᠠᠭᠠᠨ ᠮᠠᠨᠳᠤᠲᠤᠭᠠᠢ︕》 ᠭᠡᠵᠦ ᠮᠡᠨᠳᠦᠴᠢᠯᠡᠵᠦ ᠡᠬᠢᠯᠡᠪᠡ᠃ 19 ᠲᠡᠳᠡ ᠢᠰᠦ᠋ᠰ ᠤᠨ ᠲᠡᠷᠢᠭᠦᠨ ᠢ ᠵᠡᠭᠡᠰᠦᠨ ᠰᠠᠪᠠᠭ᠎ᠠ ᠪᠠᠷ ᠴᠣᠬᠢᠨ ᠲᠡᠭᠦᠨ ᠦ ᠳᠡᠭᠡᠷ᠎ᠡ ᠨᠤᠯᠮᠤᠵᠤ᠂ ᠡᠪᠦᠳᠦᠭ ᠰᠥᠬᠥᠷᠡᠨ ᠮᠥᠷᠭᠥᠵᠦ ᠪᠠᠢᠯ᠎ᠠ᠃ 20 ᠲᠡᠳᠡ ᠢᠰᠦ᠋ᠰ ᠢ ᠳᠣᠭᠣᠭᠢᠯᠠᠭᠰᠠᠨ ᠤ ᠳᠠᠷᠠᠭ᠎ᠠ᠂ ᠨᠢᠯ ᠶᠠᠭᠠᠨ ᠨᠥᠮᠥᠷᠭᠡ ᠶᠢ ᠨᠢ ᠲᠠᠢᠯᠵᠤ᠂ ᠬᠤᠪᠴᠠᠰᠤ ᠬᠤᠨᠠᠷ ᠢ ᠨᠢ ᠡᠮᠦᠰᠬᠡᠭᠡᠳ ᠲᠡᠭᠦᠨ ᠢ ᠵᠠᠭᠠᠯᠮᠠᠢ ᠳᠤ ᠴᠣᠪᠳᠣᠯᠠᠬᠤ ᠪᠠᠷ ᠭᠠᠳᠠᠭᠰᠢ ᠪᠠᠨ ᠠᠪᠠᠴᠢᠪᠠ᠃
 ᠵᠠᠭᠠᠯᠮᠠᠢ ᠳᠤ ᠴᠣᠪᠳᠣᠯᠠᠭᠳᠠᠭᠰᠠᠨ ᠨᠢ

21 ᠲᠡᠷᠡ ᠦᠶ᠎ᠡ ᠳᠦ ᠰᠢᠮᠣᠨ (ᠠᠯᠧᠺᠰᠠᠨᠳᠧᠷ᠂ ᠷᠦᠹ ᠬᠣᠶᠠᠭᠤᠯᠠ ᠶᠢᠨ ᠡᠴᠢᠭᠡ) ᠭᠡᠭᠴᠢ ᠺᠦᠷᠧᠨᠠᠢ ᠬᠥᠮᠦᠨ ᠬᠥᠳᠡᠭᠡ ᠡᠴᠡ ᠢᠷᠡᠭᠡᠳ ᠲᠡᠷᠡᠭᠦᠷ ᠥᠩᠭᠡᠷᠡᠵᠦ ᠪᠠᠢᠵᠠᠢ᠃ ᠴᠡᠷᠢᠭ ᠤᠳ ᠲᠡᠭᠦᠨ ᠢ ᠠᠯᠪᠠᠳᠠᠨ ᠢᠰᠦ᠋ᠰ ᠤᠨ ᠵᠠᠭᠠᠯᠮᠠᠢ ᠶᠢ ᠡᠭᠦᠷᠦᠭᠦᠯᠵᠦ᠂ 22 ᠢᠰᠦ᠋ᠰ ᠢ ᠭᠣᠯᠭᠣᠲ᠋ᠠ (ᠣᠷᠴᠢᠭᠤᠯᠪᠠᠯ᠄ ᠭᠠᠪᠠᠯᠠ ᠶᠢᠨ ᠭᠠᠵᠠᠷ) ᠬᠡᠮᠡᠬᠦ ᠭᠠᠵᠠᠷ ᠲᠤ ᠠᠪᠠᠴᠢᠯ᠎ᠠ᠃ 23 ᠲᠡᠳᠡ ᠢᠰᠦ᠋ᠰ ᠲᠤ ᠮᠢᠷᠷᠠ ᠲᠠᠢ ᠦᠵᠦᠮ ᠦᠨ ᠳᠠᠷᠠᠰᠤ ᠥᠭᠬᠦ ᠭᠡᠰᠡᠨ ᠴᠤ ᠲᠡᠷᠡ ᠠᠪᠤᠭᠰᠠᠨ ᠦᠭᠡᠢ᠃ 24 ᠲᠡᠳᠡ ᠢᠰᠦ᠋ᠰ ᠢ ᠴᠣᠪᠳᠣᠯᠠᠭᠠᠳ ᠬᠤᠪᠴᠠᠰᠤ ᠬᠤᠨᠠᠷ ᠢ ᠨᠢ ᠬᠤᠪᠢᠶᠠᠬᠤ ᠭᠡᠵᠦ ᠬᠡᠨ ᠨᠢ ᠶᠠᠭᠤ ᠠᠪᠬᠤ ᠪᠠᠨ ᠱᠣᠳᠠᠪᠠ᠃

25 ᠲᠡᠭᠦᠨ ᠢ ᠴᠣᠪᠳᠣᠯᠠᠬᠤ ᠳᠤ᠂ ᠦᠳᠡ ᠶᠢᠨ ᠡᠮᠦᠨᠡᠬᠢ ᠶᠢᠰᠦᠨ ᠴᠠᠭ ᠪᠣᠯᠵᠤ ᠪᠠᠢᠪᠠ᠃ 26 ᠶᠠᠯ᠎ᠠ ᠶᠢᠨ ᠬᠢᠨᠢ ᠫᠠᠢᠰᠠᠨ ᠳᠡᠭᠡᠷ᠎ᠡ 《ᠶᠦᠳᠠᠢᠴᠤᠳ ᠤᠨ ᠬᠠᠭᠠᠨ》 ᠭᠡᠬᠦ ᠪᠢᠴᠢᠭᠡᠰᠦ ᠲᠠᠢ ᠪᠠᠢᠯ᠎ᠠ᠃ 27 ᠲᠡᠳᠡ ᠢᠰᠦ᠋ᠰ ᠤᠨ ᠬᠠᠮᠲᠤ ᠬᠣᠶᠠᠷ ᠳᠡᠭᠡᠷᠡᠮᠴᠢᠨ ᠤ ᠨᠢᠭᠡ ᠶᠢ ᠪᠠᠷᠠᠭᠤᠨ ᠲᠠᠯ᠎ᠠ ᠳᠤᠨᠢ᠂ ᠨᠥᠭᠥᠭᠡ ᠶᠢ ᠵᠡᠭᠦᠨ ᠲᠠᠯ᠎ᠠ ᠳᠤᠨᠢ ᠴᠣᠪᠳᠣᠯᠠᠵᠠᠢ᠃ 28 16 29 ᠳᠡᠷᠭᠡᠳᠡᠭᠦᠷ ᠨᠢ ᠶᠠᠪᠤᠭᠰᠠᠳ ᠲᠣᠯᠣᠭᠠᠢ ᠰᠡᠭᠰᠦᠷᠦᠨ᠂ ᠢᠰᠦ᠋ᠰ ᠢ ᠳᠣᠷᠣᠮᠵᠢᠯᠠᠵᠤ᠄ 《ᠬᠥᠱᠢ᠂ ᠥᠷᠭᠥᠭᠡ ᠶᠢ ᠨᠤᠷᠠᠭᠠᠵᠤ ᠭᠤᠷᠪᠠᠨ ᠡᠳᠦᠷ ᠦᠨ ᠳᠣᠲᠣᠷ᠎ᠠ ᠪᠣᠰᠬᠠᠭᠴᠢ ᠡ᠂ 30 ᠥᠪᠡᠷ ᠢ ᠪᠠᠨ ᠠᠪᠤᠷᠠᠭᠠᠴᠢ ᠳᠠ᠂ ᠵᠠᠭᠠᠯᠮᠠᠢ ᠠᠴᠠ ᠪᠠᠭᠤᠵᠤ ᠦᠵᠡ︕》 ᠭᠡᠵᠦ ᠪᠠᠢᠯ᠎ᠠ᠃ 31 ᠡᠭᠦᠨᠴᠢᠯᠡᠨ ᠠᠬᠠᠯᠠᠬᠤ ᠲᠠᠬᠢᠯᠴᠢᠳ ᠴᠤ ᠪᠢᠴᠢᠭᠲᠡᠳ ᠲᠡᠢ ᠬᠠᠮᠲᠤ ᠲᠡᠭᠦᠨ ᠢ ᠳᠣᠭᠣᠭᠢᠯᠠᠵᠤ ᠬᠣᠭᠣᠷᠣᠨᠳᠣ ᠪᠠᠨ᠄ 《ᠲᠡᠷᠡ ᠪᠤᠰᠤᠳ ᠢ ᠠᠪᠤᠷᠠᠭᠰᠠᠨ ᠬᠢᠷᠢ ᠨᠢ ᠥᠪᠡᠷ ᠢ ᠪᠠᠨ ᠠᠪᠤᠷᠠᠵᠤ ᠴᠢᠳᠠᠬᠤ ᠦᠭᠡᠢ ᠶᠤᠮ ᠪᠠᠢᠨ᠎ᠠ᠂ 32 ᠢᠰᠷᠧᠯ ᠤᠨ ᠬᠠᠭᠠᠨ ᠾᠷᠢᠰᠲ᠋ᠣᠰ᠂ ᠣᠳᠣ ᠵᠠᠭᠠᠯᠮᠠᠢ ᠠᠴᠠ ᠪᠠᠭᠤ ᠯᠠ ᠳᠠ︕ ᠲᠡᠭᠡᠪᠡᠯ ᠪᠢᠳᠡ ᠬᠠᠷᠠᠭᠠᠳ ᠢᠲᠡᠭᠡᠨ᠎ᠡ》 ᠭᠡᠵᠡᠭᠡᠪᠡ᠃ ᠢᠰᠦ᠋ᠰ ᠲᠠᠢ ᠬᠠᠮᠲᠤ ᠴᠣᠪᠳᠣᠯᠠᠭᠳᠠᠭᠰᠠᠳ ᠴᠤ ᠲᠡᠭᠦᠨ ᠢ ᠲᠠᠪᠠᠯᠠᠵᠤ ᠪᠠᠢᠯ᠎ᠠ᠃

33 ᠦᠳᠡ ᠪᠣᠯᠬᠤ ᠳᠤ᠂ ᠪᠦᠬᠦ ᠭᠠᠵᠠᠷ ᠬᠠᠷᠠᠩ᠋ᠭᠤᠢᠯᠠᠵᠤ ᠦᠳᠡ ᠶᠢᠨ ᠬᠣᠢᠨᠠᠬᠢ ᠭᠤᠷᠪᠠᠨ ᠴᠠᠭ ᠬᠦᠷᠲᠡᠯ᠎ᠡ ᠬᠠᠷᠠᠩ᠋ᠭᠤᠢ ᠳᠤ ᠬᠤᠴᠢᠭᠳᠠᠵᠠᠢ᠃ 34 ᠭᠤᠷᠪᠠᠨ ᠴᠠᠭ ᠲᠤ ᠢᠰᠦ᠋ᠰ ᠴᠢᠩᠭ᠍᠎ᠠ ᠳᠠᠭᠤ ᠪᠠᠷ᠄ 《ᠧᠯᠢ᠂ ᠧᠯᠢ᠂ ᠯᠧᠮᠠ ᠰᠠᠪᠠᠺᠲ᠋ᠠᠨᠢ (ᠣᠷᠴᠢᠭᠤᠯᠪᠠᠯ᠄ ᠪᠤᠷᠬᠠᠨ ᠮᠢᠨᠢ᠂ ᠪᠤᠷᠬᠠᠨ ᠮᠢᠨᠢ᠂ ᠶᠠᠭᠤᠨ ᠳᠤ ᠲᠠ ᠨᠠᠮᠠᠶᠢ ᠣᠷᠬᠢᠪᠠ︖)》 ᠭᠡᠵᠦ ᠬᠠᠰᠬᠢᠷᠤᠯ᠎ᠠ᠃ 35 ᠬᠠᠵᠠᠭᠤ ᠳᠤᠨᠢ ᠵᠣᠭᠰᠣᠵᠤ ᠪᠤᠢ ᠵᠠᠷᠢᠮ ᠨᠢ ᠰᠣᠨᠣᠰᠣᠭᠠᠳ᠄ 《ᠬᠠᠷᠠᠭᠠᠴᠢ᠂ ᠲᠡᠷᠡ ᠧᠯᠢᠶ᠎ᠠ ᠶᠢ ᠳᠠᠭᠤᠳᠠᠵᠤ ᠪᠠᠢᠨ᠎ᠠ》 ᠭᠡᠵᠦ ᠪᠠᠢᠪᠠ᠃ 36 ᠨᠢᠭᠡ ᠨᠢ ᠭᠦᠶᠦᠨ ᠣᠴᠢᠵᠤ ᠳᠠᠯᠠᠢ ᠶᠢᠨ ᠬᠥᠪᠥᠩ ᠢ ᠢᠰᠭᠦᠯᠡᠩ ᠳᠠᠷᠠᠰᠤᠨ ᠳᠤ ᠨᠣᠷᠭᠠᠵᠤ ᠵᠡᠭᠡᠰᠦᠨ ᠦ ᠰᠠᠪᠠᠭᠠᠨ ᠳᠤ ᠡᠯᠭᠦᠭᠡᠳ᠂ ᠲᠡᠭᠦᠨ ᠳᠦ ᠤᠤᠭᠤᠯᠭᠠᠬᠤ ᠭᠡᠰᠡᠨ ᠢᠶᠡᠨ᠄ 《ᠪᠠᠢᠵᠠ᠂ ᠧᠯᠢᠶ᠎ᠠ ᠶᠢᠨ ᠲᠡᠭᠦᠨ ᠢ ᠪᠠᠭᠤᠯᠭᠠᠵᠤ ᠠᠪᠬᠤ ᠪᠠᠷ ᠢᠷᠡᠬᠦ ᠡᠰᠡᠬᠦ ᠶᠢ ᠬᠠᠷᠠᠵᠠᠭᠠᠶ᠎ᠠ》 ᠭᠡᠯ᠎ᠡ᠃ 37 ᠢᠰᠦ᠋ᠰ ᠴᠢᠩᠭ᠍᠎ᠠ ᠬᠠᠰᠬᠢᠷᠤᠭᠠᠳ ᠠᠮᠢᠰᠬᠤᠯ ᠬᠤᠷᠢᠶᠠᠪᠠ᠃ 38 ᠲᠡᠭᠡᠬᠦ ᠳᠦ᠂ ᠥᠷᠭᠥᠭᠡᠨ ᠦ ᠬᠥᠰᠢᠭᠡ ᠳᠡᠭᠡᠷ᠎ᠡ ᠡᠴᠡ ᠪᠡᠨ ᠳᠣᠭᠣᠭᠰᠢ ᠬᠣᠶᠠᠷ ᠬᠡᠰᠡᠭ ᠪᠣᠯᠣᠨ ᠴᠤᠤᠷᠠᠪᠠ᠃ 39 ᠡᠰᠡᠷᠭᠦ ᠲᠠᠯ᠎ᠠ ᠳᠤᠨᠢ ᠵᠣᠭᠰᠣᠵᠤ ᠪᠠᠢᠭᠰᠠᠨ ᠵᠠᠭᠤᠲᠤ ᠶᠢᠨ ᠳᠠᠷᠤᠭ᠎ᠠ ᠢᠰᠦ᠋ᠰ ᠤᠨ ᠢᠩᠭᠢᠵᠦ ᠠᠮᠢᠰᠬᠤᠯ ᠬᠤᠷᠢᠶᠠᠭᠰᠠᠨ ᠢ ᠦᠵᠡᠭᠡᠳ᠄ 《ᠡᠨᠡ ᠴᠢᠨᠢ ᠨᠡᠭᠡᠷᠡᠨ ᠪᠤᠷᠬᠠᠨ ᠤ ᠬᠦᠦ ᠪᠠᠢᠵᠠᠢ》 ᠭᠡᠪᠡ᠃

40 ᠡᠮᠡᠭᠲᠡᠢᠴᠦᠳ ᠴᠤ ᠬᠣᠯᠠ ᠠᠴᠠ ᠠᠵᠢᠭᠯᠠᠵᠤ ᠪᠠᠢᠯ᠎ᠠ᠃ ᠲᠡᠳᠡᠨ ᠦ ᠳᠤᠮᠳᠠ ᠮᠠᠭᠳᠠᠯ ᠤᠨ ᠮᠠᠷᠢᠶᠠ ᠪᠣᠯᠣᠨ ᠪᠠᠭ᠎ᠠ ᠶᠠᠺᠣᠪ᠂ ᠶᠣᠰᠧᠹ ᠬᠣᠶᠠᠭᠤᠯᠠ ᠶᠢᠨ ᠡᠬᠡ ᠮᠠᠷᠢᠶᠠ᠂ ᠰᠠᠯᠣᠮᠧ ᠨᠠᠷ ᠪᠠᠢᠪᠠ᠃ 41 ᠲᠡᠳᠡ ᠢᠰᠦ᠋ᠰ ᠢ ᠭᠠᠯᠢᠯᠠᠶ᠎ᠠ ᠳᠤ ᠪᠠᠢᠬᠤ ᠳᠤᠨᠢ ᠳᠠᠩᠳᠠ ᠪᠠᠨ ᠳᠠᠭᠠᠵᠤ ᠲᠡᠭᠦᠨ ᠳᠦ ᠦᠢᠯᠡᠴᠢᠯᠡᠳᠡᠭ᠌ ᠪᠠᠢᠭᠰᠠᠨ ᠶᠤᠮ᠃ ᠡᠭᠦᠨ ᠡᠴᠡ ᠭᠠᠳᠠᠨ᠎ᠠ᠂ ᠲᠡᠭᠦᠨ ᠲᠡᠢ ᠬᠠᠮᠲᠤ ᠶᠧᠷᠦ᠋ᠰᠠᠯᠧᠮ ᠳᠤ ᠢᠷᠡᠭᠰᠡᠨ ᠥᠭᠡᠷ᠎ᠡ ᠣᠯᠠᠨ ᠡᠮᠡᠭᠲᠡᠢ ᠴᠤ ᠲᠡᠨᠳᠡ ᠪᠠᠢᠭᠰᠠᠨ ᠪᠢᠯᠡ᠃
 ᠢᠰᠦ᠋ᠰ ᠪᠤᠯᠠᠰᠢᠯᠠᠭᠳᠠᠭᠰᠠᠨ ᠨᠢ

42 ᠲᠡᠷᠡ ᠡᠳᠦᠷ ᠨᠢ ᠪᠡᠯᠡᠳᠬᠡᠯ ᠦᠨ ᠡᠳᠦᠷ᠂ ᠲᠤᠬᠠᠢᠯᠠᠪᠠᠯ ᠠᠮᠠᠷᠠᠯ ᠤᠨ ᠡᠮᠦᠨᠡᠬᠢ ᠡᠳᠦᠷ ᠪᠠᠢᠭᠰᠠᠨ ᠲᠤᠯᠠ ᠣᠷᠣᠢ ᠪᠣᠯᠬᠤ ᠳᠤ᠂ 43 ᠠᠷᠢᠮᠠᠲ᠋ᠠ ᠶᠢᠨ ᠬᠥᠮᠦᠨ ᠶᠣᠰᠧᠹ ᠫᠢᠯᠠᠲ ᠲᠤ ᠵᠣᠷᠢᠭᠯᠠᠨ ᠣᠴᠢᠪᠠ᠃ ᠲᠡᠷᠡ ᠪᠣᠯ ᠰᠢᠭᠦᠬᠦ ᠵᠥᠪᠯᠡᠯ ᠦᠨ ᠬᠦᠨᠳᠦᠲᠦ ᠭᠡᠰᠢᠭᠦᠨ ᠪᠥᠭᠡᠳ ᠪᠤᠷᠬᠠᠨ ᠤ ᠬᠠᠭᠠᠨᠴᠢᠯᠠᠯ ᠢ ᠬᠦᠯᠢᠶᠡᠳᠡᠭ ᠬᠥᠮᠦᠨ ᠶᠤᠮ᠃ ᠲᠡᠷᠡ ᠢᠰᠦ᠋ᠰ ᠤᠨ ᠴᠣᠭᠴᠠ ᠶᠢ ᠭᠤᠶᠤᠭᠰᠠᠨ ᠳᠤ᠂ 44 ᠫᠢᠯᠠᠲ ᠢᠰᠦ᠋ᠰ ᠤᠨ ᠨᠢᠭᠡᠨᠲᠡ ᠨᠥᠭᠴᠢᠭᠰᠡᠨ ᠡᠰᠡᠬᠦ ᠳᠦ ᠡᠷᠡᠭᠡᠯᠵᠡᠵᠦ᠂ ᠥᠨᠥᠬᠢ ᠵᠠᠭᠤᠲᠤ ᠶᠢᠨ ᠳᠠᠷᠤᠭ᠎ᠠ ᠶᠢ ᠳᠠᠭᠤᠳᠠᠭᠠᠳ ᠢᠰᠦ᠋ᠰ ᠤᠨ ᠨᠠᠰᠤ ᠪᠠᠷᠠᠭᠠᠳ ᠤᠳᠠᠭᠰᠠᠨ ᠡᠰᠡᠬᠦ ᠶᠢ ᠠᠰᠠᠭᠤᠭᠰᠠᠨ ᠪᠥᠭᠡᠳ 45 ᠵᠠᠭᠤᠲᠤ ᠶᠢᠨ ᠳᠠᠷᠤᠭ᠎ᠠ ᠠᠴᠠ ᠣᠯᠵᠤ ᠮᠡᠳᠡᠭᠡᠳ ᠢᠰᠦ᠋ᠰ ᠤᠨ ᠴᠣᠭᠴᠠ ᠶᠢ ᠶᠣᠰᠧᠹ ᠲᠤ ᠥᠭᠪᠡ᠃ 46 ᠶᠣᠰᠧᠹ ᠥᠷᠮᠥᠭ ᠬᠤᠳᠠᠯᠳᠤᠨ ᠠᠪᠤᠭᠰᠠᠨ ᠪᠥᠭᠡᠳ ᠢᠰᠦ᠋ᠰ ᠢ ᠪᠠᠭᠤᠯᠭᠠᠵᠤ ᠥᠷᠮᠥᠭ ᠢᠶᠡᠷ ᠢᠶᠠᠨ ᠤᠷᠢᠶᠠᠭᠰᠠᠨ ᠤ ᠳᠠᠷᠠᠭ᠎ᠠ᠂ ᠬᠠᠳᠠ ᠤᠬᠤᠵᠤ ᠪᠡᠯᠡᠳᠬᠡᠭᠰᠡᠨ ᠪᠤᠯᠠᠰᠢᠨ ᠳᠤ ᠲᠠᠯᠪᠢᠵᠠᠢ᠃ ᠲᠡᠭᠡᠭᠡᠳ ᠴᠢᠯᠠᠭᠤ ᠥᠩᠬᠥᠷᠢᠭᠦᠯᠦᠨ ᠪᠤᠯᠠᠰᠢᠨ ᠤ ᠠᠮᠠ ᠶᠢ ᠲᠠᠭᠯᠠᠵᠠᠢ᠃ 47 ᠲᠡᠭᠦᠨ ᠢ ᠬᠠᠮᠢᠭ᠎ᠠ ᠲᠠᠯᠪᠢᠭᠰᠠᠨ ᠢ ᠮᠠᠭᠳᠠᠯ ᠤᠨ ᠮᠠᠷᠢᠶᠠ ᠪᠣᠯᠣᠨ ᠶᠣᠰᠧᠹ ᠤᠨ ᠡᠬᠡ ᠮᠠᠷᠢᠶᠠ ᠠᠵᠢᠵᠤ ᠪᠠᠢᠯ᠎ᠠ᠃