1 2 3 4 5 6 7 8 9 10 11 12 13 14 15 16


ᠮᠠᠷᠺ ᠠᠷᠪᠠᠨ ᠳᠥᠷᠪᠡ
 ᠬᠣᠣᠷᠲᠤ ᠬᠤᠤᠪᠢᠯᠳᠤᠯᠭ᠎ᠠ ᠪᠠ ᠦᠨᠡᠲᠦ ᠲᠣᠰᠣᠯᠠᠯᠭ᠎ᠠ

1 ᠭᠡᠲᠦᠯᠭᠡᠭᠰᠡᠨ ᠦ ᠪᠠᠶᠠᠷ ᠪᠠ ᠢᠰᠭᠡᠭᠡ ᠦᠭᠡᠢ ᠪᠣᠣᠪᠣ ᠶᠢᠨ ᠪᠠᠶᠠᠷ ᠠᠴᠠ ᠬᠣᠶᠠᠷ ᠬᠣᠨᠣᠭ ᠤᠨ ᠡᠮᠦᠨ᠎ᠡ ᠪᠠᠢᠵᠠᠢ᠃ ᠠᠬᠠᠯᠠᠬᠤ ᠲᠠᠬᠢᠯᠴᠢᠳ ᠪᠣᠯᠣᠨ ᠪᠢᠴᠢᠭᠲᠡᠳ ᠢᠰᠦ᠋ᠰ ᠢ ᠪᠠᠷᠢᠪᠴᠢᠯᠠᠵᠤ ᠬᠥᠨᠥᠭᠡᠬᠦ ᠵᠠᠯᠢᠬᠠᠢ ᠠᠷᠭ᠎ᠠ ᠰᠦᠪᠡᠭᠴᠢᠯᠡᠵᠦ ᠪᠠᠢᠪᠠ᠃ 2 ᠭᠡᠪᠡᠴᠦ ᠲᠡᠳᠡ᠄ 《ᠪᠠᠶᠠᠷ ᠤᠨ ᠦᠶ᠎ᠡ ᠪᠡᠷ ᠪᠣᠯᠬᠤ ᠦᠭᠡᠢ᠂ ᠠᠷᠠᠳ ᠣᠯᠠᠨ ᠤ ᠳᠤᠮᠳᠠ ᠦᠢᠮᠡᠭᠡᠨ ᠭᠠᠷᠤᠭᠤᠵᠠᠢ》 ᠭᠡᠵᠡᠭᠡᠪᠡ᠃

3 ᠢᠰᠦ᠋ᠰ ᠪᠧᠲ᠋ᠠᠨᠢᠶ᠎ᠠ ᠳᠤ ᠤᠶᠠᠮᠠᠨ ᠡᠪᠡᠳᠴᠢᠨ ᠲᠡᠢ ᠰᠢᠮᠣᠨ ᠤ ᠭᠡᠷ ᠲᠦ ᠬᠣᠭᠣᠯᠠ ᠢᠳᠡᠭᠡᠳ ᠰᠠᠭᠤᠵᠤ ᠪᠠᠢᠲᠠᠯ᠎ᠠ᠂ ᠨᠢᠭᠡᠨ ᠡᠮᠡᠭᠲᠡᠢ ᠬᠠᠰ ᠰᠠᠪᠠ ᠲᠠᠢ ᠴᠡᠪᠡᠷ᠂ ᠮᠠᠰᠢ ᠦᠨ᠎ᠡ ᠲᠠᠢ᠂ ᠨᠠᠷᠳ᠋ ᠭᠡᠬᠦ ᠠᠩᠬᠢᠯᠤᠭᠤᠨ ᠲᠣᠰᠣ ᠠᠪᠴᠢᠷᠠᠭᠠᠳ ᠰᠠᠪᠠ ᠪᠠᠨ ᠬᠠᠭᠠᠯᠤᠨ ᠲᠣᠯᠣᠭᠠᠢ ᠤᠷᠤᠭᠤ ᠨᠢ ᠴᠢᠳᠬᠤᠪᠠ᠃ 4 ᠬᠠᠷᠢᠨ ᠲᠡᠨᠳᠡ ᠪᠠᠢᠭᠰᠠᠨ ᠵᠠᠷᠢᠮ ᠨᠢ ᠠᠭᠤᠷᠯᠠᠵᠤ ᠬᠣᠭᠣᠷᠣᠨᠳᠣ ᠪᠠᠨ᠄ 《ᠶᠠᠭᠤᠨ ᠳᠤ ᠠᠩᠬᠢᠯᠤᠭᠤᠨ ᠲᠣᠰᠣ ᠪᠠᠨ ᠢᠩᠭᠢᠵᠦ ᠪᠦᠷᠢᠯᠭᠡᠨ᠎ᠡ ᠪᠤᠢ︖ 5 ᠡᠨᠡ ᠲᠣᠰᠣ ᠶᠢ ᠭᠤᠷᠪᠠᠨ ᠵᠠᠭᠤ ᠭᠠᠷᠤᠢ ᠳ᠋ᠧᠨᠠᠷ 14  ᠢᠶᠠᠷ ᠬᠤᠳᠠᠯᠳᠤᠭᠠᠳ ᠶᠠᠳᠠᠭᠤᠴᠤᠳ ᠢ ᠲᠤᠰᠠᠯᠠᠵᠤ ᠪᠣᠯᠬᠤ ᠪᠠᠢᠭᠰᠠᠨ》 ᠭᠡᠵᠦ ᠬᠡᠯᠡᠭᠡᠳ ᠪᠦᠰᠡᠭᠦᠢ ᠶᠢ ᠵᠠᠩᠨᠠᠵᠤ ᠡᠬᠢᠯᠡᠭᠰᠡᠨ ᠳᠦ᠂ 6 ᠢᠰᠦ᠋ᠰ᠄ 《ᠪᠣᠯᠢ᠂ ᠲᠡᠭᠦᠨ ᠢ ᠶᠠᠭᠤᠨ ᠳᠤ ᠵᠣᠪᠠᠭᠠᠨ᠎ᠠ ᠪᠤᠢ︖ ᠲᠡᠷᠡ ᠨᠠᠳᠠ ᠳᠤ ᠰᠠᠢᠨ ᠢ ᠦᠢᠯᠡᠳᠦᠭᠰᠡᠨ᠃ 7 ᠶᠠᠳᠠᠭᠤᠴᠤᠳ ᠲᠠ ᠨᠠᠷ ᠲᠠᠢ ᠦᠷᠭᠦᠯᠵᠢ ᠬᠠᠮᠲᠤ ᠪᠠᠢᠳᠠᠭ ᠤᠴᠢᠷ ᠠᠴᠠ ᠬᠦᠰᠡᠭᠰᠡᠨ ᠴᠠᠭ ᠲᠠᠭᠠᠨ ᠪᠤᠶᠠᠨ ᠦᠢᠯᠡᠳᠴᠦ ᠪᠣᠯᠣᠨ᠎ᠠ᠃ ᠬᠠᠷᠢᠨ ᠪᠢ ᠲᠠ ᠨᠠᠷ ᠲᠠᠢ ᠦᠷᠭᠦᠯᠵᠢ ᠬᠠᠮᠲᠤ ᠪᠠᠢᠬᠤ ᠪᠢᠰᠢ᠃ 8 ᠡᠨᠡ ᠪᠦᠰᠡᠭᠦᠢ ᠴᠢᠳᠠᠯ ᠤᠨ ᠢᠶᠠᠨ ᠬᠢᠷᠢ ᠪᠠᠷ ᠬᠢᠭᠰᠡᠨ ᠪᠥᠭᠡᠳ ᠮᠢᠨᠦ ᠪᠡᠶ᠎ᠡ ᠶᠢ ᠲᠣᠰᠣᠯᠠᠨ ᠣᠷᠣᠰᠢᠭᠤᠯᠭ᠎ᠠ ᠳᠤ ᠮᠠᠨᠢ ᠪᠡᠯᠡᠳᠬᠡᠵᠡᠢ᠃ 9 ᠲᠠ ᠨᠠᠷ ᠲᠤ ᠪᠠᠲᠤᠲᠠᠢ ᠬᠡᠯᠡᠶ᠎ᠡ᠃ ᠪᠠᠶᠠᠷ ᠤᠨ ᠮᠡᠳᠡᠭᠡ ᠶᠢ ᠳᠠᠶᠠᠩ ᠳᠡᠯᠡᠬᠡᠢ ᠶᠢᠨ ᠬᠠᠮᠢᠭ᠎ᠠ ᠲᠤᠩ᠋ᠬᠠᠭᠯᠠᠭᠰᠠᠨ ᠴᠤ ᠡᠨᠡ ᠡᠮᠡᠭᠲᠡᠢ ᠶᠢᠨ ᠦᠢᠯᠡᠳᠦᠭᠰᠡᠨ ᠢ ᠪᠠᠰᠠ ᠶᠠᠷᠢᠵᠤ ᠲᠡᠭᠦᠨ ᠢ ᠳᠤᠷᠠᠰᠬᠤ ᠪᠣᠯᠣᠨ᠎ᠠ》 ᠭᠡᠵᠦ ᠬᠡᠯᠡᠪᠡ᠃

10 ᠠᠷᠪᠠᠨ ᠬᠣᠶᠠᠷ ᠱᠠᠪᠢ ᠶᠢᠨ ᠨᠢᠭᠡ᠂ ᠢᠰᠺᠠᠷᠢᠣᠲ ᠤᠨ ᠶᠦᠳᠠ ᠢᠰᠦ᠋ᠰ ᠢ ᠲᠤᠰᠢᠶᠠᠵᠤ ᠪᠠᠷᠢᠭᠤᠯᠬᠤ ᠪᠠᠷ ᠠᠬᠠᠯᠠᠬᠤ ᠲᠠᠬᠢᠯᠴᠢᠳ ᠤᠷᠤᠭᠤ ᠶᠠᠪᠤᠯ᠎ᠠ᠃ 11 ᠲᠡᠳᠡ ᠡᠭᠦᠨ ᠢ ᠰᠣᠨᠣᠰᠣᠭᠠᠳ ᠪᠠᠶᠠᠷᠯᠠᠵᠤ᠂ ᠲᠡᠭᠦᠨ ᠳᠦ ᠮᠥᠩᠭᠥ ᠥᠭᠬᠦ ᠪᠡᠷ ᠠᠮᠠᠯᠠᠪᠠ᠃ ᠢᠩᠭᠢᠭᠡᠳ ᠶᠦᠳᠠ ᠢᠰᠦ᠋ᠰ ᠢ ᠶᠠᠭᠠᠬᠢᠵᠤ ᠪᠠᠷᠢᠭᠤᠯᠬᠤ ᠪᠤᠢ ᠬᠡᠮᠡᠨ ᠵᠠᠪᠰᠢᠶᠠᠨ ᠡᠷᠢᠵᠦ ᠪᠠᠢᠯ᠎ᠠ᠃
 ᠡᠴᠦᠰ ᠦᠨ ᠭᠡᠲᠦᠯᠭᠡᠭᠰᠡᠨ ᠦ ᠪᠠᠶᠠᠷ

12 ᠢᠰᠭᠡᠭᠡ ᠦᠭᠡᠢ ᠪᠣᠣᠪᠣ ᠶᠢᠨ ᠪᠠᠶᠠᠷ ᠤᠨ ᠡᠬᠢᠨ ᠤ ᠡᠳᠦᠷ ᠪᠣᠯᠵᠠᠢ᠃ ᠲᠡᠷᠡ ᠡᠳᠦᠷ ᠭᠡᠲᠦᠯᠭᠡᠭᠰᠡᠨ ᠦ ᠪᠠᠶᠠᠷ ᠤᠨ ᠬᠤᠷᠠᠭ᠎ᠠ ᠶᠢ ᠨᠢᠳᠤᠯᠤᠨ᠎ᠠ᠃ ᠱᠠᠪᠢ ᠨᠠᠷ ᠨᠢ᠄ 《ᠪᠢᠳᠡ ᠬᠠᠮᠢᠭ᠎ᠠ ᠣᠴᠢᠵᠤ᠂ ᠲᠠᠨ ᠤ ᠵᠣᠭᠣᠭᠯᠠᠬᠤ ᠭᠡᠲᠦᠯᠭᠡᠭᠰᠡᠨ ᠦ ᠪᠠᠶᠠᠷ ᠤᠨ ᠬᠣᠭᠣᠯᠠ ᠶᠢ ᠪᠡᠯᠡᠳᠬᠡᠬᠦ ᠪᠤᠢ︖》 ᠭᠡᠪᠡ᠃ 13 ᠢᠰᠦ᠋ᠰ ᠱᠠᠪᠢ ᠨᠠᠷ ᠠᠴᠠ ᠪᠠᠨ ᠬᠣᠶᠠᠷ ᠢ ᠶᠠᠪᠤᠭᠤᠯᠬᠤ ᠳᠠᠭᠠᠨ ᠲᠡᠳᠡᠨ ᠳᠦ᠄ 《ᠬᠣᠲᠠ ᠳᠤ ᠣᠴᠢ᠃ ᠰᠠᠪᠠ ᠲᠠᠢ ᠤᠰᠤ ᠠᠪᠴᠤ ᠶᠠᠪᠤᠭ᠎ᠠ ᠬᠥᠮᠦᠨ ᠲᠠ ᠨᠠᠷ ᠲᠠᠢ ᠲᠠᠭᠠᠷᠠᠯᠳᠤᠨ᠎ᠠ᠃ ᠲᠡᠭᠦᠨ ᠢ ᠳᠠᠭᠠᠭᠠᠷᠠᠢ᠃ 14 ᠲᠡᠷᠡ ᠬᠠᠮᠢᠭᠠᠰᠢ ᠪᠠᠨ ᠣᠷᠣᠪᠠᠯ ᠲᠡᠷᠡ ᠠᠢᠯ ᠤᠨ ᠡᠵᠡᠨ ᠳᠦ ᠲᠠ ᠨᠠᠷ᠄ 〈ᠱᠠᠪᠢ ᠨᠠᠷ ᠲᠠᠢ ᠪᠠᠨ ᠬᠠᠮᠲᠤ ᠭᠡᠲᠦᠯᠭᠡᠭᠰᠡᠨ ᠦ ᠪᠠᠶᠠᠷ ᠤᠨ ᠬᠣᠭᠣᠯᠠ ᠢᠳᠡᠬᠦ ᠵᠣᠴᠢᠳ ᠤᠨ ᠥᠷᠥᠭᠡ ᠮᠢᠨᠢ ᠬᠠᠮᠢᠭ᠎ᠠ ᠪᠠᠢᠨ᠎ᠠ︖〉 ᠭᠡᠵᠦ ᠪᠠᠭᠰᠢ ᠮᠠᠨᠢ ᠬᠡᠯᠡᠭᠦᠯᠵᠦ ᠪᠠᠢᠨ᠎ᠠ ᠭᠡᠭᠡᠷᠡᠢ᠃ 15 ᠲᠡᠭᠡᠪᠡᠯ ᠲᠡᠷᠡ ᠵᠠᠰᠠᠵᠤ ᠪᠡᠯᠡᠳᠬᠡᠴᠢᠬᠡᠭᠰᠡᠨ ᠳᠡᠭᠡᠳᠦ ᠳᠠᠪᠬᠤᠷ ᠤᠨ ᠲᠣᠮᠣ ᠥᠷᠥᠭᠡ ᠶᠢ ᠲᠠ ᠨᠠᠷ ᠲᠤ ᠦᠵᠡᠭᠦᠯᠦᠨ᠎ᠡ᠃ ᠲᠡᠨᠳᠡ ᠪᠢᠳᠡᠨ ᠦ ᠲᠥᠯᠥᠭᠡ ᠪᠡᠯᠡᠳᠬᠡ》 ᠭᠡᠵᠦ ᠬᠡᠯᠡᠪᠡ᠃ 16 ᠲᠡᠭᠡᠭᠡᠳ ᠬᠣᠶᠠᠷ ᠱᠠᠪᠢ ᠨᠢ ᠬᠣᠲᠠ ᠣᠷᠣᠵᠤ᠂ ᠢᠰᠦ᠋ᠰ ᠤᠨ ᠬᠡᠯᠡᠭᠰᠡᠨ ᠶᠣᠰᠣᠭᠠᠷ ᠣᠯᠵᠤ ᠭᠡᠲᠦᠯᠭᠡᠭᠰᠡᠨ ᠦ ᠪᠠᠶᠠᠷ ᠲᠤ ᠪᠡᠯᠡᠳᠬᠡᠪᠡ᠃

17 ᠣᠷᠣᠢ ᠪᠣᠯᠬᠤ ᠳᠤ᠂ ᠢᠰᠦ᠋ᠰ ᠠᠷᠪᠠᠨ ᠬᠣᠶᠠᠷ ᠱᠠᠪᠢ ᠲᠠᠢ ᠪᠠᠨ ᠬᠠᠮᠲᠤ ᠣᠴᠢᠯ᠎ᠠ᠃ 18 ᠲᠡᠳᠡ ᠰᠠᠭᠤᠭᠠᠳ ᠢᠳᠡᠵᠦ ᠪᠠᠢᠬᠤ ᠳᠤ ᠢᠰᠦ᠋ᠰ᠄ 《ᠪᠢ ᠲᠠ ᠨᠠᠷ ᠲᠤ ᠪᠠᠲᠤᠲᠠᠢ ᠬᠡᠯᠡᠶ᠎ᠡ᠃ ᠲᠠ ᠨᠠᠷ ᠤᠨ ᠳᠤᠮᠳᠠ ᠠᠴᠠ ᠨᠢᠭᠡ ᠨᠢ ᠨᠠᠳᠠ ᠠᠴᠠ ᠤᠷᠪᠠᠨ᠎ᠠ᠂ ᠲᠡᠷᠡ ᠨᠠᠳᠠ ᠲᠠᠢ ᠬᠠᠮᠲᠤ ᠬᠣᠭᠣᠯᠠ ᠢᠳᠡᠵᠦ ᠪᠠᠢᠨ᠎ᠠ》 ᠭᠡᠵᠦ ᠬᠡᠯᠡᠪᠡ᠃ 19 ᠲᠡᠳᠡ ᠭᠤᠨᠢᠭᠲᠠᠢ ᠪᠣᠯᠵᠤ ᠨᠢᠭᠡ ᠨᠢᠭᠡ ᠪᠡᠷ ᠢᠶᠠᠨ ᠢᠰᠦ᠋ᠰ ᠲᠤ᠄ 《ᠪᠢ ᠪᠢᠰᠢ ᠪᠢᠵᠡ ᠳᠠ︖》 ᠭᠡᠵᠡᠭᠡᠵᠦ ᠪᠠᠢᠯ᠎ᠠ᠃ 20 ᠢᠰᠦ᠋ᠰ᠄ 《ᠲᠠᠨ ᠤ ᠠᠷᠪᠠᠨ ᠬᠣᠶᠠᠷ ᠤᠨ ᠨᠢᠭᠡ᠂ ᠲᠡᠷᠡ ᠨᠠᠳᠠ ᠲᠠᠢ ᠨᠢᠭᠡ ᠲᠠᠪᠠᠭ ᠲᠤ ᠪᠣᠣᠪᠣ ᠪᠠᠨ ᠳᠦᠷᠦᠵᠦ ᠪᠠᠢᠨ᠎ᠠ᠃ 21 ᠬᠥᠮᠦᠨ ᠦ ᠬᠦᠦ ᠥᠪᠡᠷ ᠦᠨ ᠬᠢᠨᠢ ᠲᠤᠬᠠᠢ ᠪᠢᠴᠢᠭᠳᠡᠭᠰᠡᠨ ᠶᠣᠰᠣᠭᠠᠷ ᠶᠠᠪᠤᠨ᠎ᠠ᠃ ᠬᠥᠮᠦᠨ ᠦ ᠬᠦᠦ ᠡᠴᠡ ᠤᠷᠪᠠᠬᠤ ᠲᠡᠷᠡ ᠬᠥᠮᠦᠨ ᠳᠦ ᠬᠠᠷᠢᠨ ᠭᠠᠢ ᠪᠣᠯᠣᠨ᠎ᠠ︕ ᠲᠡᠷᠡ ᠬᠥᠮᠦᠨ ᠲᠥᠷᠥᠭᠰᠡᠨ ᠦᠭᠡᠢ ᠪᠣᠯ ᠳᠡᠭᠡᠷ᠎ᠡ ᠰᠠᠨ》 ᠭᠡᠵᠦ ᠬᠡᠯᠡᠪᠡ᠃
 ᠠᠩ᠋ᠬᠠᠨ ᠤ ᠠᠷᠢᠭᠤᠨ ᠵᠣᠭᠣᠭ

22 ᠲᠡᠳᠡ ᠢᠳᠡᠵᠦ ᠪᠠᠢᠬᠤ ᠳᠤ᠂ ᠢᠰᠦ᠋ᠰ ᠪᠣᠣᠪᠣ ᠠᠪᠴᠤ ᠢᠷᠥᠭᠡᠨ ᠱᠠᠪᠢ ᠨᠠᠷ ᠲᠠᠭᠠᠨ ᠬᠤᠪᠢᠶᠠᠵᠤ ᠥᠭᠭᠥᠭᠡᠳ᠄ 《ᠠᠪᠤᠭᠠᠷᠠᠢ᠂ ᠡᠨᠡ ᠪᠣᠯ ᠮᠢᠨᠦ ᠪᠡᠶ᠎ᠡ ᠶᠤᠮ》 ᠭᠡᠯ᠎ᠡ᠃ 23 ᠲᠡᠭᠡᠭᠡᠳ ᠴᠣᠮᠣ ᠠᠪᠴᠤ ᠲᠠᠯᠠᠷᠬᠠᠨ ᠲᠡᠳᠡᠨ ᠳᠦ ᠥᠭᠭᠥᠭᠰᠡᠨ ᠳᠦ᠂ ᠲᠡᠳᠡ ᠪᠦᠭᠦᠳᠡᠭᠡᠷ ᠢᠶᠡᠨ ᠤᠤᠭᠤᠯ᠎ᠠ᠃ 24 ᠢᠰᠦ᠋ᠰ ᠲᠡᠳᠡᠨ ᠳᠦ᠄ 《ᠡᠨᠡ ᠪᠣᠯ ᠣᠯᠠᠨ ᠤ ᠲᠥᠯᠥᠭᠡ ᠤᠷᠤᠰᠬᠠᠬᠤ ᠮᠢᠨᠦ ᠴᠢᠰᠤ᠂ ᠭᠡᠷ᠎ᠡ ᠶᠢᠨ ᠪᠠᠲᠤᠯᠠᠭ᠎ᠠ ᠶᠤᠮ᠃ 25 ᠪᠢ ᠲᠠ ᠨᠠᠷ ᠲᠤ ᠪᠠᠲᠤᠲᠠᠢ ᠬᠡᠯᠡᠶ᠎ᠡ᠃ ᠪᠤᠷᠬᠠᠨ ᠤ ᠬᠠᠭᠠᠨᠴᠢᠯᠠᠯ ᠳᠤ ᠰᠢᠨ᠎ᠡ ᠶᠢ ᠤᠤᠭᠤᠬᠤ ᠲᠡᠷᠡ ᠡᠳᠦᠷ ᠪᠣᠯᠲᠠᠯ᠎ᠠ ᠪᠢ ᠦᠵᠦᠮ ᠦᠨ ᠮᠣᠳᠣᠨ ᠠᠴᠠ ᠭᠠᠷᠤᠭᠰᠠᠨ ᠢ ᠳᠠᠬᠢᠵᠤ ᠤᠤᠭᠤᠬᠤ ᠦᠭᠡᠢ ᠶᠤᠮ》 ᠭᠡᠵᠦ ᠬᠡᠯᠡᠪᠡ᠃ 26 ᠲᠡᠳᠡ ᠮᠠᠭᠲᠠᠭᠠᠯ ᠳᠠᠭᠤᠤ ᠳᠠᠭᠤᠯᠠᠭᠰᠠᠨ ᠤ ᠪᠠᠨ ᠳᠠᠷᠠᠭ᠎ᠠ᠂ ᠴᠢᠳᠦᠨ ᠠᠭᠤᠯᠠ ᠥᠭᠡᠳᠡ ᠶᠠᠪᠤᠵᠠᠭᠠᠪᠠ᠃ 27 ᠢᠰᠦ᠋ᠰ ᠲᠡᠳᠡᠨ ᠳᠦ᠄ 《ᠲᠠ ᠨᠠᠷ ᠪᠦᠭᠦᠳᠡᠭᠡᠷ ᠢᠶᠡᠨ ᠪᠦᠳᠦᠷᠢᠬᠦ ᠪᠣᠯᠣᠨ᠎ᠠ᠂ ᠡᠨᠡ ᠲᠤᠬᠠᠢ᠄ 〈ᠪᠢ ᠬᠣᠨᠢᠴᠢᠨ ᠢ ᠴᠣᠬᠢᠨ᠎ᠠ᠂ ᠬᠣᠨᠢᠳ ᠪᠤᠲᠠᠷᠠᠨ᠎ᠠ〉 ᠭᠡᠵᠦ ᠪᠢᠴᠢᠭᠳᠡᠭᠰᠡᠨ ᠪᠠᠢᠳᠠᠭ᠃ 28 ᠭᠡᠪᠡᠴᠦ ᠪᠢ ᠠᠮᠢᠯᠠᠭᠰᠠᠨ ᠤ ᠪᠠᠨ ᠳᠠᠷᠠᠭ᠎ᠠ᠂ ᠲᠠ ᠨᠠᠷ ᠠᠴᠠ ᠤᠷᠢᠳᠠᠪᠠᠷ ᠭᠠᠯᠢᠯᠠᠶ᠎ᠠ ᠳᠤ ᠣᠴᠢᠨ᠎ᠠ》 ᠭᠡᠵᠦ ᠬᠡᠯᠡᠲᠡᠯ᠎ᠡ᠂ 29 ᠫᠧᠲ᠋ᠧᠷ᠄ 《ᠬᠠᠮᠤᠭ ᠬᠥᠮᠦᠨ ᠪᠦᠳᠦᠷᠢᠭᠰᠡᠨ ᠴᠤ ᠪᠢ ᠪᠦᠳᠦᠷᠢᠬᠦ ᠦᠭᠡᠢ ᠶᠤᠮ》 ᠭᠡᠵᠦ ᠥᠭᠦᠯᠡᠪᠡ᠃ 30 ᠢᠰᠦ᠋ᠰ᠄ 《ᠴᠢᠮ᠎ᠠ ᠳᠤ ᠪᠠᠲᠤᠲᠠᠢ ᠬᠡᠯᠡᠶ᠎ᠡ᠃ ᠥᠨᠥ ᠰᠥᠨᠢ ᠲᠠᠬᠢᠶ᠎ᠠ ᠬᠣᠶᠠᠷ ᠳᠤᠤᠭᠠᠷᠬᠤ ᠠᠴᠠ ᠡᠮᠦᠨ᠎ᠡ᠂ ᠴᠢ ᠨᠠᠮᠠᠶᠢ ᠲᠠᠨᠢᠬᠤ ᠦᠭᠡᠢ ᠭᠡᠵᠦ ᠭᠤᠷᠪᠠᠨᠲᠠ ᠮᠡᠯᠵᠢᠬᠦ ᠪᠣᠯᠣᠨ᠎ᠠ》 ᠭᠡᠪᠡ᠃ 31 ᠫᠧᠲ᠋ᠧᠷ ᠰᠢᠭᠤᠷᠬᠠᠢ ᠪᠠᠷ᠄ 《ᠪᠢ ᠲᠠᠨ ᠲᠠᠢ ᠬᠠᠮᠲᠤ ᠦᠬᠦᠭᠰᠡᠨ ᠴᠤ ᠲᠠᠨ ᠢ ᠶᠡᠷᠦ ᠮᠡᠯᠵᠢᠬᠦ ᠦᠭᠡᠢ》 ᠭᠡᠵᠦ ᠳᠠᠪᠲᠠᠨ ᠶᠠᠷᠢᠬᠤ ᠳᠤ᠂ ᠪᠤᠰᠤᠳ ᠨᠢ ᠴᠤ ᠨᠢᠭᠡ ᠳᠠᠭᠤ ᠪᠠᠷ ᠲᠡᠭᠡᠵᠦ ᠬᠡᠯᠡᠵᠡᠭᠡᠯ᠎ᠡ᠃
 ᠭᠧᠲ᠋ᠰᠧᠮᠨᠧ ᠳᠠᠬᠢ ᠳᠠᠭᠠᠳᠬᠠᠯ

32 ᠲᠡᠳᠡ ᠭᠧᠲ᠋ᠰᠧᠮᠨᠧ ᠭᠡᠳᠡᠭ ᠭᠠᠵᠠᠷ ᠬᠦᠷᠬᠦ ᠳᠦ᠂ ᠢᠰᠦ᠋ᠰ ᠱᠠᠪᠢ ᠨᠠᠷ ᠲᠠᠭᠠᠨ᠄ 《ᠨᠠᠮᠠᠶᠢ ᠳᠠᠭᠠᠳᠬᠠᠬᠤ ᠬᠣᠭᠣᠷᠣᠨᠳᠣ ᠡ᠊ᠨᠳᠡ ᠰᠠᠭᠤᠵᠠᠭᠠᠵᠤ ᠪᠠᠢ》 ᠬᠡᠮᠡᠨ 33 ᠫᠧᠲ᠋ᠧᠷ᠂ ᠶᠠᠺᠣᠪ᠂ ᠶᠣᠬᠠᠨ ᠨᠠᠷ ᠢ ᠳᠠᠭᠠᠭᠤᠯᠵᠤ ᠶᠠᠪᠤᠯ᠎ᠠ᠃ ᠢᠰᠦ᠋ᠰ ᠴᠣᠴᠢᠷᠳᠠᠵᠤ ᠰᠢᠨᠠᠯᠵᠤ ᠡᠬᠢᠯᠡᠪᠡ᠃ 34 ᠲᠡᠭᠡᠭᠡᠳ ᠲᠡᠷᠡ᠄ 《ᠮᠢᠨᠦ ᠰᠡᠳᠬᠢᠯ ᠵᠣᠪᠠᠭᠠᠳ ᠦᠬᠦᠬᠦ ᠨᠢ᠂ ᠲᠠ ᠨᠠᠷ ᠡ᠊ᠨᠳᠡ ᠦᠯᠡᠳᠡᠭᠡᠳ ᠰᠡᠷᠭᠡᠭ ᠪᠠᠢᠭᠲᠤᠨ》 ᠭᠡᠳ 35 ᠲᠡᠨᠳᠡ ᠡᠴᠡ ᠵᠢᠭᠠᠬᠠᠨ ᠴᠠᠰᠢᠯᠠᠨ ᠭᠠᠵᠠᠷ ᠲᠤ ᠤᠨᠠᠵᠤ᠂ ᠪᠣᠯᠣᠮᠵᠢ ᠲᠠᠢ ᠪᠣᠯ ᠲᠡᠷᠡ ᠴᠠᠭ ᠥᠪᠡᠷ ᠡᠴᠡ ᠨᠢ ᠵᠠᠢᠯᠠᠭᠠᠰᠠᠢ ᠭᠡᠵᠦ ᠳᠠᠭᠠᠳᠬᠠᠬᠤ ᠳᠠᠭᠠᠨ᠄ 36 《ᠠᠪᠪᠠ 15 ᠡ᠂ ᠠᠪᠤ ᠮᠢᠨᠢ ᠡ︕ ᠲᠠ ᠪᠦᠬᠦᠨ ᠢ ᠴᠢᠳᠠᠳᠠᠭ᠃ ᠡᠨᠡ ᠴᠣᠮᠣ ᠶᠢ ᠨᠠᠳᠠ ᠠᠴᠠ ᠵᠠᠢᠯᠠᠭᠤᠯᠤᠭᠠᠴᠢ᠂ ᠭᠡᠪᠡᠴᠦ ᠮᠢᠨᠦ ᠰᠠᠨᠠᠭ᠎ᠠ ᠪᠠᠷ ᠪᠢᠰᠢ᠂ ᠲᠠᠨ ᠤ ᠰᠠᠨᠠᠭ᠎ᠠ ᠪᠠᠷ ᠪᠣᠯᠲᠤᠭᠠᠢ》 ᠭᠡᠵᠦ ᠪᠠᠢᠯ᠎ᠠ᠃ 37 ᠢᠰᠦ᠋ᠰ ᠪᠤᠴᠠᠨ ᠢᠷᠡᠵᠦ ᠱᠠᠪᠢ ᠨᠠᠷ ᠤᠨ ᠢᠶᠠᠨ ᠤᠨᠲᠠᠵᠤ ᠪᠠᠢᠬᠤ ᠶᠢ ᠬᠠᠷᠠᠭᠠᠳ ᠫᠧᠲ᠋ᠧᠷ ᠲᠤ᠄ 《ᠰᠢᠮᠣᠨ ᠡ᠂ ᠤᠨᠲᠠᠵᠤ ᠪᠠᠢᠨ᠎ᠠ ᠤᠤ︖ ᠴᠢ ᠨᠢᠭᠡᠯᠬᠡᠨ ᠴᠠᠭ ᠴᠤ ᠰᠡᠷᠡᠮᠵᠢᠲᠡᠢ ᠪᠠᠢᠵᠤ ᠴᠢᠳᠠᠭᠰᠠᠨ ᠦᠭᠡᠢ ᠤᠤ︖ 38 ᠲᠡᠩᠰᠡᠯᠲᠡ ᠳᠦ ᠤᠴᠠᠷᠠᠬᠤ ᠦᠭᠡᠢ ᠶᠢᠨ ᠲᠤᠯᠠᠳᠠ ᠰᠡᠷᠡᠮᠵᠢᠯᠡᠨ ᠳᠠᠭᠠᠳᠬᠠᠵᠠᠭ᠎ᠠ᠃ ᠰᠦᠨᠡᠰᠦ ᠨᠢ ᠪᠡᠯᠡᠬᠡᠨ ᠪᠠᠢᠪᠠᠴᠤ ᠪᠡᠶ᠎ᠡ ᠨᠢ ᠳᠣᠷᠣᠢ ᠪᠠᠢᠨ᠎ᠠ》 ᠭᠡᠯ᠎ᠡ᠃ 39 ᠢᠰᠦ᠋ᠰ ᠳᠠᠬᠢᠨ ᠶᠠᠪᠤᠵᠤ᠂ ᠮᠥᠨ ᠤᠤᠯ ᠤᠨ ᠦᠭᠡ ᠪᠡᠷ ᠢᠶᠠᠨ ᠳᠠᠭᠠᠳᠬᠠᠪᠠ᠃ 40 ᠲᠡᠷᠡ ᠳᠠᠬᠢᠨ ᠪᠤᠴᠠᠭᠠᠳ ᠬᠠᠷᠠᠬᠤ ᠳᠤ᠂ ᠲᠡᠳᠡ ᠤᠨᠲᠠᠭᠰᠠᠭᠠᠷ ᠪᠠᠢᠯ᠎ᠠ᠃ ᠲᠡᠳᠡ ᠵᠣᠪᠬᠢ ᠪᠠᠨ ᠳᠠᠭᠠᠭᠠᠬᠤ ᠪᠠᠨ ᠪᠣᠯᠢᠵᠠᠢ᠃ ᠲᠡᠳᠡ ᠢᠰᠦ᠋ᠰ ᠲᠤ ᠶᠠᠭᠤ ᠭᠡᠵᠦ ᠬᠠᠷᠢᠭᠤᠯᠬᠤ ᠪᠠᠨ ᠮᠡᠳᠡᠬᠦ ᠦᠭᠡᠢ ᠪᠠᠢᠪᠠ᠃ 41 ᠢᠰᠦ᠋ᠰ ᠭᠤᠷᠪᠠᠳᠠᠬᠢ ᠤᠳᠠᠭ᠎ᠠ ᠪᠠᠨ ᠢᠷᠡᠵᠦ ᠲᠡᠳᠡᠨ ᠳᠦ᠄ 《ᠲᠠ ᠨᠠᠷ ᠤᠨᠲᠠᠵᠤ ᠠᠮᠠᠷᠠᠭᠰᠠᠭᠠᠷ ᠪᠠᠢᠨ᠎ᠠ ᠤᠤ︖ ᠵᠠ᠂ ᠴᠠᠭ ᠪᠣᠯᠣᠯ᠎ᠠ᠃ ᠠᠩ᠋ᠬᠠᠷᠤᠭᠲᠤᠨ᠂ ᠬᠥᠮᠦᠨ ᠦ ᠬᠦᠦ ᠨᠢᠭᠦᠯᠲᠡᠳ ᠦᠨ ᠭᠠᠷ ᠲᠤ ᠲᠤᠰᠢᠶᠠᠭᠳᠠᠬᠤ ᠭᠡᠵᠦ ᠪᠠᠢᠨ᠎ᠠ᠃ 42 ᠪᠣᠰ᠂ ᠶᠠᠪᠤᠵᠠᠭᠠᠶ᠎ᠠ᠃ ᠠᠩ᠋ᠬᠠᠷᠤᠭᠲᠤᠨ᠂ ᠨᠠᠮᠠᠶᠢ ᠲᠤᠰᠢᠶᠠᠭᠴᠢ ᠨᠢ ᠳᠥᠭᠥᠵᠦ ᠢᠷᠡᠯ᠎ᠡ》 ᠭᠡᠯ᠎ᠡ᠃
 ᠤᠷᠪᠠᠯᠲᠠ ᠬᠢᠭᠡᠳ ᠪᠠᠷᠢᠪᠴᠢᠯᠠᠯᠲᠠ

43 ᠲᠡᠷᠡ ᠡᠢᠨ ᠬᠦ ᠶᠠᠷᠢᠵᠤ ᠪᠠᠢᠲᠠᠯ᠎ᠠ᠂ ᠠᠷᠪᠠᠨ ᠬᠣᠶᠠᠷ ᠱᠠᠪᠢ ᠶᠢᠨ ᠬᠢᠨᠢ ᠨᠢᠭᠡ ᠪᠣᠯᠬᠤ ᠶᠦᠳᠠ ᠢᠯᠳᠦ ᠰᠢᠳᠠᠮ ᠲᠠᠢ ᠣᠯᠠᠨ ᠬᠥᠮᠦᠨ ᠢ ᠳᠠᠭᠠᠭᠤᠯᠤᠨ ᠬᠦᠷᠴᠦ ᠢᠷᠡᠪᠡ᠃ ᠲᠡᠳᠡᠨ ᠢ ᠠᠬᠠᠯᠠᠬᠤ ᠲᠠᠬᠢᠯᠴᠢᠳ᠂ ᠪᠢᠴᠢᠭᠲᠡᠳ ᠪᠣᠯᠣᠨ ᠠᠬᠠᠯᠠᠭᠴᠢᠳ ᠶᠠᠪᠤᠭᠤᠯᠤᠭᠰᠠᠨ ᠶᠤᠮ᠃ 44 ᠪᠠᠷᠢᠭᠤᠯᠤᠭᠴᠢ ᠨᠢ ᠲᠡᠳᠡᠨ ᠲᠡᠢ ᠳᠣᠬᠢᠶ᠎ᠠ ᠪᠣᠯᠵᠣᠵᠤ᠄ 《ᠪᠢ ᠬᠡᠨ ᠢ ᠦᠨᠦᠰᠪᠡᠯ᠂ ᠲᠡᠷᠡ ᠨᠢ ᠢᠰᠦ᠋ᠰ ᠮᠥᠨ᠂ ᠲᠡᠭᠦᠨ ᠢ ᠪᠠᠷᠢᠭᠠᠳ ᠪᠣᠯᠭᠣᠮᠵᠢᠯᠠᠨ ᠠᠪᠴᠤ ᠶᠠᠪᠤᠭᠠᠷᠠᠢ》 ᠭᠡᠰᠡᠨ ᠪᠠᠢᠯ᠎ᠠ᠃ 45 ᠶᠦᠳᠠ ᠢᠷᠡᠩᠭᠦᠲᠡ ᠪᠡᠨ ᠢᠰᠦ᠋ᠰ ᠲᠤ ᠳᠥᠭᠥᠵᠦ᠄ 《ᠪᠠᠭᠰᠢ ᠡ︕》 ᠭᠡᠳ ᠲᠡᠭᠦᠨ ᠢ ᠦᠨᠦᠰᠬᠦ ᠳᠦ᠂ 46 ᠬᠥᠮᠦᠰ ᠭᠠᠷ ᠬᠥᠳᠡᠯᠵᠦ ᠢᠰᠦ᠋ᠰ ᠢ ᠪᠠᠷᠢᠪᠴᠢᠯᠠᠯ᠎ᠠ᠃ 47 ᠢᠰᠦ᠋ᠰ ᠤᠨ ᠬᠠᠵᠠᠭᠤ ᠳᠠᠬᠢ ᠬᠥᠮᠦᠰ ᠦᠨ ᠳᠣᠲᠣᠷ᠎ᠠ ᠠᠴᠠ ᠨᠢᠭᠡ ᠨᠢ ᠢᠯᠳᠦ ᠪᠡᠨ ᠰᠤᠭᠤᠯᠵᠤ᠂ ᠲᠡᠷᠢᠭᠦᠨ ᠲᠠᠬᠢᠯᠴᠢ ᠶᠢᠨ ᠵᠠᠷᠤᠴᠠ ᠶᠢ ᠴᠠᠪᠴᠢᠬᠤ ᠳᠤ ᠴᠢᠬᠢ ᠨᠢ ᠤᠨᠠᠵᠠᠢ᠃ 48 ᠢᠰᠦ᠋ᠰ ᠲᠡᠳᠡᠨ ᠳᠦ᠄ 《ᠲᠠ ᠨᠠᠷ ᠳᠡᠭᠡᠷᠡᠮ ᠪᠠᠷᠢᠪᠴᠢᠯᠠᠬᠤ ᠰᠢᠭ᠋ ᠢᠯᠳᠦ ᠰᠢᠳᠠᠮ ᠠᠳᠬᠤᠵᠤ ᠨᠠᠮᠠᠶᠢ ᠪᠠᠷᠢᠪᠴᠢᠯᠠᠬᠤ ᠪᠠᠷ ᠢᠷᠡᠪᠡ ᠤᠤ︖ 49 ᠪᠢ ᠠᠷᠢᠭᠤᠨ ᠣᠷᠳᠣᠨ ᠳᠤ ᠰᠤᠷᠭᠠᠯ ᠵᠢᠭᠠᠨ ᠡᠳᠦᠷ ᠪᠦᠷᠢ ᠲᠠ ᠨᠠᠷ ᠲᠠᠢ ᠣᠢᠷᠠᠬᠠᠨ ᠪᠠᠢᠬᠤ ᠳᠤ᠂ ᠨᠠᠮᠠᠶᠢ ᠪᠠᠷᠢᠪᠴᠢᠯᠠᠭᠰᠠᠨ ᠦᠭᠡᠢ᠃ ᠭᠡᠬᠦ ᠳᠦ ᠪᠢᠴᠢᠭᠳᠡᠭᠰᠡᠨ ᠡᠰᠢᠯᠡᠯ ᠤᠳ ᠪᠡᠶᠡᠯᠡᠭᠳᠡᠬᠦ ᠶᠣᠰᠣᠲᠠᠢ》 ᠭᠡᠵᠦ ᠬᠡᠯᠡᠪᠡ᠃ 50 ᠱᠠᠪᠢ ᠨᠠᠷ ᠨᠢ ᠪᠦᠭᠦᠳᠡᠭᠡᠷ ᠢᠶᠡᠨ ᠢᠰᠦ᠋ᠰ ᠢ ᠣᠷᠬᠢᠨ ᠵᠢᠭᠤᠲᠠᠪᠠ᠃

51 ᠨᠢᠭᠡᠨ ᠵᠠᠯᠠᠭᠤ ᠨᠢᠴᠦᠭᠦᠨ ᠪᠡᠶ᠎ᠡ ᠳᠡᠭᠡᠨ ᠥᠷᠮᠥᠭ ᠨᠥᠮᠥᠷᠥᠨ ᠢᠰᠦ᠋ᠰ ᠢ ᠳᠠᠭᠠᠵᠤ ᠪᠠᠢᠯ᠎ᠠ᠃ ᠬᠥᠮᠦᠰ ᠲᠡᠭᠦᠨ ᠢ ᠪᠠᠷᠢᠬᠤ ᠳᠤ᠂ 52 ᠲᠡᠷᠡ ᠥᠷᠮᠥᠭ ᠢᠶᠡᠨ ᠬᠠᠶᠠᠭᠠᠳ ᠨᠢᠴᠦᠭᠦᠨ ᠢᠶᠡᠷ ᠢᠶᠠᠨ ᠳᠤᠲᠠᠭᠠᠵᠠᠢ᠃
 ᠢᠰᠦ᠋ᠰ ᠶᠦᠳᠠᠢᠴᠤᠳ ᠲᠤ ᠰᠢᠭᠦᠭᠳᠡᠭᠰᠡᠨ ᠨᠢ

53 ᠲᠡᠳᠡ ᠢᠰᠦ᠋ᠰ ᠢ ᠲᠡᠷᠢᠭᠦᠨ ᠲᠠᠬᠢᠯᠴᠢ ᠳᠤ ᠬᠦᠷᠭᠡᠪᠡ᠃ ᠠᠬᠠᠯᠠᠬᠤ ᠲᠠᠬᠢᠯᠴᠢᠳ᠂ ᠠᠬᠠᠯᠠᠭᠴᠢᠳ ᠪᠣᠯᠣᠨ ᠪᠢᠴᠢᠭᠲᠡᠳ ᠪᠦᠭᠦᠳᠡᠭᠡᠷ ᠴᠤᠭ ᠢᠷᠡᠯ᠎ᠡ᠃ 54 ᠫᠧᠲ᠋ᠧᠷ ᠢᠰᠦ᠋ᠰ ᠢ ᠬᠣᠯᠠᠭᠤᠷ ᠳᠠᠭᠠᠵᠤ ᠲᠡᠷᠢᠭᠦᠨ ᠲᠠᠬᠢᠯᠴᠢ ᠶᠢᠨ ᠬᠦᠷᠢᠶᠡᠨ ᠳᠦ ᠣᠷᠣᠭᠠᠳ᠂ ᠬᠠᠷᠠᠭᠤᠯ ᠤᠳ ᠲᠠᠢ ᠨᠢ ᠬᠠᠮᠲᠤ ᠰᠠᠭᠤᠵᠤ ᠭᠠᠯ ᠳᠤ ᠳᠤᠯᠠᠭᠠᠴᠠᠵᠤ ᠪᠠᠢᠯ᠎ᠠ᠃ 55 ᠠᠬᠠᠯᠠᠬᠤ ᠲᠠᠬᠢᠯᠴᠢᠳ ᠬᠢᠭᠡᠳ ᠪᠦᠬᠦ ᠰᠢᠭᠦᠬᠦ ᠵᠥᠪᠯᠡᠯ ᠢᠰᠦ᠋ᠰ ᠢ ᠠᠯᠠᠭᠤᠯᠬᠤ ᠶᠢᠨ ᠲᠤᠯᠠᠳᠠ ᠲᠡᠭᠦᠨ ᠦ ᠡᠰᠡᠷᠭᠦ ᠭᠡᠷᠡᠴᠢᠯᠡᠯ ᠬᠠᠢᠭᠰᠠᠨ ᠪᠣᠯᠪᠠᠴᠤ ᠣᠯᠣᠭᠰᠠᠨ ᠦᠭᠡᠢ᠃ 56 ᠣᠯᠠᠨ ᠬᠥᠮᠦᠨ ᠲᠡᠭᠦᠨ ᠦ ᠡᠰᠡᠷᠭᠦ ᠬᠤᠳᠠᠯ ᠢᠶᠠᠷ ᠭᠡᠷᠡᠴᠢᠯᠡᠭᠰᠡᠨ ᠪᠣᠯᠪᠠᠴᠤ ᠭᠡᠷᠡᠴᠢᠯᠡᠯ ᠤᠳ ᠨᠢ ᠨᠡᠢᠴᠡᠬᠦ ᠦᠭᠡᠢ ᠪᠠᠢᠯ᠎ᠠ᠃ 57 ᠵᠠᠷᠢᠮ ᠨᠢ ᠪᠣᠰᠣᠭᠠᠳ ᠲᠡᠭᠦᠨ ᠦ ᠡᠰᠡᠷᠭᠦ ᠬᠤᠳᠠᠯ ᠢᠶᠠᠷ ᠭᠡᠷᠡᠴᠢᠯᠡᠨ᠄ 58 《〈ᠬᠥᠮᠦᠨ ᠦ ᠭᠠᠷ ᠢᠶᠠᠷ ᠪᠦᠲᠦᠭᠡᠭᠰᠡᠨ ᠡᠨᠡ ᠥᠷᠭᠥᠭᠡ ᠶᠢ ᠪᠢ ᠨᠤᠷᠠᠭᠠᠵᠤ᠂ ᠬᠥᠮᠦᠨ ᠦ ᠭᠠᠷ ᠢᠶᠠᠷ ᠪᠦᠲᠦᠭᠡᠭᠰᠡᠨ ᠦᠭᠡᠢ ᠥᠭᠡᠷ᠎ᠡ ᠥᠷᠭᠥᠭᠡ ᠶᠢ ᠭᠤᠷᠪᠠᠨ ᠡᠳᠦᠷ ᠦᠨ ᠳᠣᠲᠣᠷ᠎ᠠ ᠪᠣᠰᠬᠠᠶ᠎ᠠ〉 ᠭᠡᠵᠦ ᠬᠡᠯᠡᠭᠰᠡᠨ ᠢ ᠨᠢ ᠪᠢᠳᠡ ᠰᠣᠨᠣᠰᠣᠭᠰᠠᠨ ᠪᠢᠯᠡ》 ᠭᠡᠵᠦ ᠬᠡᠯᠡᠪᠡ᠃ 59 ᠡᠨᠡ ᠬᠦ ᠭᠡᠷᠡᠴᠢᠯᠡᠯ ᠨᠢ ᠴᠤ ᠨᠡᠢᠯᠡᠯᠴᠡᠬᠦ ᠦᠭᠡᠢ ᠪᠠᠢᠯ᠎ᠠ᠃ 60 ᠲᠡᠷᠢᠭᠦᠨ ᠲᠠᠬᠢᠯᠴᠢ ᠪᠣᠰᠴᠤ ᠲᠡᠳᠡᠨ ᠦ ᠳᠤᠮᠳᠠ ᠵᠣᠭᠰᠣᠭᠠᠳ ᠢᠰᠦ᠋ᠰ ᠡᠴᠡ᠄ 《ᠶᠠᠭᠤ ᠴᠤ ᠬᠠᠷᠢᠭᠤᠯᠬᠤ ᠦᠭᠡᠢ ᠤᠤ︖ ᠡᠨᠡ ᠬᠥᠮᠦᠰ ᠦᠨ ᠴᠢᠨᠦ ᠡᠰᠡᠷᠭᠦ ᠭᠡᠷᠡᠴᠢᠯᠡᠵᠦ ᠪᠠᠢᠭ᠎ᠠ ᠨᠢ ᠶᠠᠭᠤ ᠶᠤᠮ ᠪᠤᠢ︖》 ᠭᠡᠵᠦ ᠠᠰᠠᠭᠤᠬᠤ ᠳᠤ᠂ 61 ᠢᠰᠦ᠋ᠰ ᠳᠠᠭᠤ ᠦᠭᠡᠢ ᠪᠠᠢᠭᠰᠠᠭᠠᠷ ᠶᠠᠭᠤ ᠴᠤ ᠬᠠᠷᠢᠭᠤᠯᠤᠭᠰᠠᠨ ᠦᠭᠡᠢ᠃ ᠲᠡᠷᠢᠭᠦᠨ ᠲᠠᠬᠢᠯᠴᠢ ᠳᠠᠬᠢᠨ ᠲᠡᠭᠦᠨ ᠡᠴᠡ᠄ 《ᠴᠢ ᠮᠠᠭᠲᠠᠭᠳᠠᠭᠴᠢ ᠶᠢᠨ ᠬᠦᠦ ᠾᠷᠢᠰᠲ᠋ᠣᠰ ᠮᠥᠨ ᠤᠤ︖》 ᠭᠡᠵᠦ ᠠᠰᠠᠭᠤᠭᠰᠠᠨ ᠳᠤ᠂ 62 ᠢᠰᠦ᠋ᠰ᠄ 《ᠪᠢ ᠮᠥᠨ᠂ ᠬᠥᠮᠦᠨ ᠦ ᠬᠦᠦ ᠬᠦᠴᠦᠲᠦ ᠨᠢᠭᠡᠨ ᠦ ᠪᠠᠷᠠᠭᠤᠨ ᠲᠠᠯ᠎ᠠ ᠳᠤ ᠰᠠᠭᠤᠬᠤ ᠪᠠ ᠪᠠᠰᠠ ᠲᠩᠷᠢ ᠶᠢᠨ ᠡᠭᠦᠯᠡᠰ ᠲᠡᠢ ᠬᠠᠮᠲᠤ ᠢᠷᠡᠬᠦ ᠶᠢ ᠲᠠ ᠨᠠᠷ ᠬᠠᠷᠠᠬᠤ ᠪᠣᠯᠣᠨ᠎ᠠ》 ᠭᠡᠵᠦ ᠬᠡᠯᠡᠪᠡ᠃ 63 ᠲᠡᠭᠡᠬᠦ ᠳᠦ᠂ ᠲᠡᠷᠢᠭᠦᠨ ᠲᠠᠬᠢᠯᠴᠢ ᠬᠤᠪᠴᠠᠰᠤ ᠪᠠᠨ ᠤᠷᠠᠭᠠᠳ᠄ 《ᠡᠭᠦᠨ ᠡᠴᠡ ᠢᠯᠡᠭᠦᠦ ᠥᠭᠡᠷ᠎ᠡ ᠶᠠᠮᠠᠷ ᠭᠡᠷᠡᠴᠢᠯᠡᠭᠴᠢ ᠬᠡᠷᠡᠭ ᠲᠡᠢ ᠪᠤᠢ︖ 64 ᠪᠤᠷᠬᠠᠨ ᠢ ᠳᠣᠷᠣᠮᠵᠢᠯᠠᠬᠤ ᠶᠢ ᠨᠢ ᠲᠠ ᠨᠠᠷ ᠰᠣᠨᠣᠰᠣᠯ᠎ᠠ᠂ ᠲᠠ ᠨᠠᠷ ᠶᠠᠭᠤ ᠭᠡᠵᠦ ᠪᠣᠳᠣᠵᠤ ᠪᠠᠢᠨ᠎ᠠ︖》 ᠭᠡᠬᠦ ᠳᠦ᠂ ᠲᠡᠳᠡ ᠪᠦᠭᠦᠳᠡᠭᠡᠷ ᠢᠶᠡᠨ ᠢᠰᠦ᠋ᠰ ᠲᠤ ᠦᠬᠦᠬᠦ ᠶᠠᠯ᠎ᠠ ᠲᠣᠭᠲᠠᠭᠠᠪᠠ᠃ 65 ᠲᠡᠭᠡᠭᠡᠳ ᠵᠠᠷᠢᠮ ᠨᠢ ᠲᠡᠭᠦᠨ ᠦ ᠳᠡᠭᠡᠷ᠎ᠡ ᠨᠤᠯᠮᠤᠨ ᠨᠢᠭᠤᠷ ᠢ ᠨᠢ ᠪᠦᠲᠡᠭᠡᠵᠦ᠂ ᠨᠢᠳᠤᠷᠭᠠᠳᠠᠨ᠄ 《ᠡᠰᠢ ᠦᠵᠡᠭᠦᠯ ᠳᠠ》 ᠭᠡᠵᠦ ᠡᠬᠢᠯᠡᠯ᠎ᠡ᠃ ᠬᠠᠷᠠᠭᠤᠯ ᠤᠳ ᠨᠢ ᠲᠡᠭᠦᠨ ᠢ ᠲᠠᠲᠠᠨ ᠠᠪᠠᠴᠢᠵᠤ ᠠᠯᠠᠭᠠᠳᠠᠪᠠ᠃
 ᠫᠧᠲ᠋ᠧᠷ ᠮᠡᠯᠵᠢᠭᠰᠡᠨ ᠨᠢ

66 ᠫᠧᠲ᠋ᠧᠷ ᠳᠣᠣᠷ᠎ᠠ ᠬᠦᠷᠢᠶᠡᠨ ᠳᠦ ᠪᠠᠢᠬᠤ ᠳᠤ᠂ ᠲᠡᠷᠢᠭᠦᠨ ᠲᠠᠬᠢᠯᠴᠢ ᠶᠢᠨ ᠨᠢᠭᠡ ᠰᠢᠪᠡᠭᠴᠢᠨ ᠢᠷᠡᠵᠦ᠂ 67 ᠫᠧᠲ᠋ᠧᠷ ᠤᠨ ᠳᠤᠯᠠᠭᠠᠴᠠᠵᠤ ᠪᠠᠢᠬᠤ ᠶᠢ ᠬᠠᠷᠠᠭᠰᠠᠨ ᠢᠶᠠᠨ᠂ ᠲᠡᠭᠦᠨ ᠢ ᠰᠢᠷᠲᠡᠵᠦ᠄ 《ᠲᠠ ᠴᠤ ᠨᠠᠽᠠᠷᠧᠲ ᠬᠥᠮᠦᠨ ᠢᠰᠦ᠋ᠰ ᠲᠠᠢ ᠬᠠᠮᠲᠤ ᠪᠠᠢᠭᠰᠠᠨ ᠪᠢᠵᠡ》 ᠭᠡᠰᠡᠨ ᠳᠦ᠂ 68 ᠫᠧᠲ᠋ᠧᠷ᠄ 《ᠴᠢᠨᠦ ᠶᠠᠭᠤ ᠶᠠᠷᠢᠵᠤ ᠪᠠᠢᠭ᠎ᠠ ᠶᠢ ᠪᠢ ᠮᠡᠳᠡᠬᠦ ᠴᠤ ᠦᠭᠡᠢ᠂ ᠣᠢᠯᠠᠭᠠᠬᠤ ᠴᠤ ᠦᠭᠡᠢ ᠪᠠᠢᠨ᠎ᠠ》 ᠭᠡᠵᠦ ᠮᠡᠯᠵᠢᠭᠡᠳ᠂ ᠲᠡᠨᠳᠡ ᠡᠴᠡ ᠭᠠᠷᠴᠤ ᠬᠦᠷᠢᠶᠡᠨ ᠦ ᠡᠭᠦᠳᠡ ᠤᠷᠤᠭᠤ ᠶᠠᠪᠤᠬᠤ ᠭᠡᠲᠡᠯ᠎ᠡ [ᠲᠠᠬᠢᠶ᠎ᠠ ᠳᠤᠤᠭᠠᠷᠤᠯ᠎ᠠ]᠃ 69 ᠥᠨᠥᠬᠢ ᠰᠢᠪᠡᠭᠴᠢᠨ ᠲᠡᠭᠦᠨ ᠢ ᠬᠠᠷᠠᠵᠤ ᠬᠠᠵᠠᠭᠤ ᠳᠠᠬᠢ ᠬᠥᠮᠦᠰ ᠲᠦ ᠳᠠᠬᠢᠨ᠄ 《ᠡᠨᠡ ᠬᠥᠮᠦᠨ ᠪᠣᠯ ᠲᠡᠳᠡᠨ ᠦ ᠨᠢᠭᠡ ᠨᠢ ᠰᠢᠦ》 ᠬᠡᠮᠡᠨ ᠶᠠᠷᠢᠵᠤ ᠡᠬᠢᠯᠡᠭᠰᠡᠨ ᠳᠦ᠂ 70 ᠫᠧᠲ᠋ᠧᠷ ᠳᠠᠬᠢᠨ ᠮᠡᠯᠵᠢᠪᠡ᠃ ᠬᠡᠰᠡᠭ ᠬᠣᠷᠣᠮ ᠤᠨ ᠳᠠᠷᠠᠭ᠎ᠠ᠂ ᠬᠠᠵᠠᠭᠤ ᠳᠠᠬᠢ ᠬᠥᠮᠦᠰ ᠨᠢ ᠳᠠᠬᠢᠨ ᠫᠧᠲ᠋ᠧᠷ ᠲᠤ᠄ 《ᠴᠢ ᠭᠠᠯᠢᠯᠠᠶ᠎ᠠ ᠶᠢᠨ ᠬᠢ ᠶᠤᠮ ᠴᠢᠨᠢ ᠯᠠᠪ ᠲᠡᠳᠡᠨ ᠦ ᠨᠢᠭᠡ ᠨᠢ ᠮᠥᠨ》 ᠭᠡᠯᠴᠡᠵᠦ ᠪᠠᠢᠯ᠎ᠠ᠃ 71 ᠲᠡᠭᠡᠲᠡᠯ᠎ᠡ ᠫᠧᠲ᠋ᠧᠷ ᠬᠠᠷᠢᠶᠠᠯ ᠢᠶᠠᠷ ᠲᠠᠩ᠋ᠭᠠᠷᠢᠭᠯᠠᠵᠤ ᠡᠬᠢᠯᠡᠨ᠄ 《ᠲᠠ ᠨᠠᠷ ᠤᠨ ᠶᠠᠷᠢᠭᠠᠳ ᠪᠠᠢᠭ᠎ᠠ ᠲᠡᠷᠡ ᠬᠥᠮᠦᠨ ᠢ ᠪᠢ ᠲᠠᠨᠢᠬᠤ ᠦᠭᠡᠢ》 ᠭᠡᠵᠦ ᠬᠡᠯᠡᠲᠡᠯ᠎ᠡ᠂ 72 ᠲᠠᠬᠢᠶ᠎ᠠ ᠬᠣᠶᠠᠳᠠᠬᠢ ᠤᠳᠠᠭ᠎ᠠ ᠳᠤᠤᠭᠠᠷᠤᠯ᠎ᠠ᠃ ᠲᠡᠭᠡᠭᠡᠳ ᠲᠡᠷᠡ 《ᠲᠠᠬᠢᠶ᠎ᠠ ᠬᠣᠶᠠᠳᠠᠬᠢ ᠤᠳᠠᠭ᠎ᠠ ᠳᠤᠤᠭᠠᠷᠬᠤ ᠠᠴᠠ ᠡᠮᠦᠨ᠎ᠡ ᠴᠢ ᠨᠠᠮᠠᠶᠢ ᠲᠠᠨᠢᠬᠤ ᠦᠭᠡᠢ ᠭᠡᠵᠦ ᠭᠤᠷᠪᠠᠨᠲᠠ ᠮᠡᠯᠵᠢᠬᠦ ᠪᠣᠯᠣᠨ᠎ᠠ》 ᠭᠡᠰᠡᠨ ᠢᠰᠦ᠋ᠰ ᠤᠨ ᠦᠭᠡ ᠶᠢ ᠰᠠᠨᠠᠭᠠᠳ ᠤᠬᠢᠯᠠᠵᠤ ᠪᠠᠢᠯ᠎ᠠ᠃