1 2 3 4 5 6 7 8 9 10 11 12 13 14 15 16


ᠮᠠᠷᠺ ᠠᠷᠪᠠ
 ᠤᠷᠤᠭ ᠰᠠᠯᠬᠤ ᠶᠢᠨ ᠲᠤᠬᠠᠢ

1 ᠢᠰᠦ᠋ᠰ ᠲᠡᠨᠳᠡ ᠡᠴᠡ ᠮᠣᠷᠳᠠᠵᠤ᠂ ᠶᠦᠳᠠᠢ ᠨᠤᠲᠤᠭ ᠪᠠ ᠶᠣᠷᠳᠠᠨ ᠭᠣᠣᠯ ᠤᠨ ᠴᠠᠭᠠᠲᠤ ᠲᠠᠯ᠎ᠠ ᠳᠤ ᠣᠴᠢᠪᠡ᠃ ᠳᠠᠬᠢᠭᠠᠳ ᠣᠯᠠᠨ ᠬᠥᠮᠦᠨ ᠲᠡᠭᠦᠨ ᠦ ᠳᠡᠷᠭᠡᠳᠡ ᠴᠤᠭᠯᠠᠷᠠᠬᠤ ᠳᠤ᠂ ᠲᠡᠷᠡ ᠮᠥᠨ ᠯᠠ ᠤᠷᠢᠳᠤ ᠶᠢᠨ ᠢᠶᠠᠨ ᠠᠳᠠᠯᠢ ᠲᠡᠳᠡᠨ ᠢ ᠰᠤᠷᠭᠠᠪᠠ᠃

2 ᠹᠠᠷᠢᠰᠠᠢᠴᠤᠳ ᠢᠷᠡᠵᠦ ᠲᠡᠭᠦᠨ ᠢ ᠲᠡᠩᠰᠡᠨ᠄ 《ᠡᠷ᠎ᠡ ᠬᠥᠮᠦᠨ ᠡᠬᠡᠨᠡᠷ ᠡᠴᠡ ᠪᠡᠨ ᠰᠠᠯᠵᠤ ᠪᠣᠯᠣᠨ᠎ᠠ ᠤᠤ︖》 ᠭᠡᠵᠦ ᠠᠰᠠᠭᠤᠵᠠᠢ᠃ 3 ᠢᠰᠦ᠋ᠰ ᠲᠡᠳᠡᠨ ᠳᠦ ᠬᠠᠷᠢᠭᠤᠯᠤᠨ᠄ 《ᠮᠣᠰᠧ ᠲᠠ ᠨᠠᠷ ᠲᠤ ᠶᠠᠭᠤ ᠭᠡᠵᠦ ᠵᠠᠷᠯᠢᠭᠳᠠᠭᠰᠠᠨ ᠪᠤᠢ︖》 ᠭᠡᠰᠡᠨ ᠳᠦ᠂ 4 ᠲᠡᠳᠡ᠄ 《ᠡᠷ᠎ᠡ ᠬᠥᠮᠦᠨ ᠰᠠᠯᠬᠤ ᠪᠢᠴᠢᠭ ᠪᠢᠴᠢᠭᠡᠳ ᠰᠠᠯᠬᠤ ᠶᠢ ᠮᠣᠰᠧ ᠵᠥᠪᠰᠢᠶᠡᠷᠡᠭᠰᠡᠨ ᠰᠢᠦ》 ᠭᠡᠪᠡ᠃ 5 ᠢᠰᠦ᠋ᠰ᠄ 《ᠵᠢᠷᠦᠬᠡ ᠴᠢᠨᠢ ᠬᠠᠲᠠᠭᠤ ᠪᠣᠯᠬᠣᠷ ᠮᠣᠰᠧ ᠲᠡᠷᠡ ᠵᠠᠷᠯᠢᠭ ᠢ ᠲᠠ ᠨᠠᠷ ᠲᠤ ᠪᠢᠴᠢᠭᠰᠡᠨ ᠶᠤᠮ᠃ 6 ᠬᠠᠷᠢᠨ ᠡᠬᠢᠨ ᠳᠤ᠂ ᠪᠤᠷᠬᠠᠨ ᠪᠦᠲᠦᠭᠡᠬᠦ ᠳᠡᠭᠡᠨ᠂ 〈ᠬᠥᠮᠦᠨ ᠢ ᠡᠷᠡᠭᠲᠡᠢ ᠡᠮᠡᠭᠲᠡᠢ ᠪᠠᠷ ᠵᠣᠬᠢᠶᠠᠵᠠᠢ᠃〉 7 〈ᠡᠢᠮᠦ ᠡᠴᠡ ᠡᠷ᠎ᠡ ᠬᠥᠮᠦᠨ ᠡᠴᠢᠭᠡ ᠡᠬᠡ ᠪᠡᠨ ᠣᠷᠬᠢᠭᠠᠳ᠂ [ᠡᠬᠡᠨᠡᠷ ᠲᠡᠢ ᠪᠡᠨ ᠨᠡᠢᠯᠡᠨ] 8 ᠬᠣᠶᠠᠭᠤᠯᠠ ᠪᠠᠨ ᠨᠢᠭᠡ ᠮᠢᠬᠠᠨ ᠪᠡᠶ᠎ᠡ ᠪᠣᠯᠣᠨ᠎ᠠ᠃〉 ᠡᠢᠨ ᠬᠦ ᠬᠣᠶᠠᠷ ᠪᠤᠰᠤ᠂ ᠨᠢᠭᠡ ᠪᠡᠶ᠎ᠡ ᠮᠥᠨ᠃ 9 ᠪᠤᠷᠬᠠᠨ ᠤ ᠬᠣᠯᠪᠣᠭᠰᠠᠨ ᠢ ᠬᠥᠮᠦᠨ ᠪᠦᠦ ᠰᠠᠯᠭᠠᠭ》 ᠭᠡᠵᠡᠢ᠃

10 ᠱᠠᠪᠢ ᠨᠠᠷ ᠨᠢ ᠭᠡᠷ ᠲᠦ ᠪᠠᠢᠬᠤ ᠳᠠᠭᠠᠨ ᠡᠭᠦᠨ ᠦ ᠲᠤᠬᠠᠢ ᠳᠠᠬᠢᠭᠠᠳ ᠲᠡᠭᠦᠨ ᠡᠴᠡ ᠠᠰᠠᠭᠤᠪᠠ᠃ 11 ᠢᠰᠦ᠋ᠰ ᠲᠡᠳᠡᠨ ᠳᠦ᠄ 《ᠬᠡᠨ ᠡᠬᠡᠨᠡᠷ ᠡᠴᠡ ᠪᠡᠨ ᠰᠠᠯᠵᠤ᠂ ᠥᠭᠡᠷ᠎ᠡ ᠡᠮᠡᠭᠲᠡᠢ ᠲᠡᠢ ᠭᠡᠷᠯᠡᠪᠡᠯ᠂ ᠡᠬᠡᠨᠡᠷ ᠦᠨ ᠢᠶᠠᠨ ᠡᠰᠡᠷᠭᠦ ᠵᠠᠪᠬᠠᠢᠷᠠᠭᠰᠠᠨ ᠪᠣᠯᠠᠢ᠂ 12 ᠡᠬᠡᠨᠡᠷ ᠨᠢ ᠨᠥᠬᠥᠷ ᠡᠴᠡ ᠪᠡᠨ ᠰᠠᠯᠵᠤ ᠥᠭᠡᠷ᠎ᠡ ᠡᠷᠡᠭᠲᠡᠢ ᠲᠡᠢ ᠭᠡᠷᠯᠡᠭᠰᠡᠨ ᠴᠤ ᠵᠠᠪᠬᠠᠢᠷᠠᠭᠰᠠᠨ ᠪᠣᠯᠠᠢ》 ᠭᠡᠪᠡ᠃
 ᠢᠰᠦ᠋ᠰ ᠬᠡᠦᠬᠡᠳ ᠤᠳ ᠢ ᠢᠷᠥᠭᠡᠭᠰᠡᠨ ᠨᠢ

13 ᠬᠥᠮᠦᠰ ᠬᠡᠦᠬᠡᠳ ᠤᠳ ᠤᠨ ᠳᠡᠭᠡᠷ᠎ᠡ ᠮᠤᠲᠤᠷ ᠲᠠᠯᠪᠢᠭᠤᠯᠬᠤ ᠭᠡᠵᠦ ᠢᠰᠦ᠋ᠰ ᠤᠷᠤᠭᠤ ᠠᠪᠴᠢᠷᠠᠵᠤ ᠪᠠᠢᠬᠤ ᠳᠤ᠂ ᠱᠠᠪᠢ ᠨᠠᠷ ᠨᠢ ᠲᠡᠳᠡᠨ ᠢ ᠵᠢᠮᠡᠯᠡᠪᠡ᠃ 14 ᠢᠰᠦ᠋ᠰ ᠡᠭᠦᠨ ᠢ ᠬᠠᠷᠠᠭᠠᠳ ᠠᠭᠤᠷᠯᠠᠵᠤ᠂ ᠱᠠᠪᠢ ᠨᠠᠷ ᠲᠠᠭᠠᠨ᠄ 《ᠬᠡᠦᠬᠡᠳ ᠤᠳ ᠤᠨ ᠨᠠᠳᠠ ᠤᠷᠤᠭᠤ ᠢᠷᠡᠬᠦ ᠶᠢ ᠵᠥᠪᠰᠢᠶᠡᠷᠡ᠂ ᠪᠦᠦ ᠬᠣᠷᠢᠭᠯᠠ᠂ ᠪᠤᠷᠬᠠᠨ ᠤ ᠬᠠᠭᠠᠨᠴᠢᠯᠠᠯ ᠪᠣᠯ ᠡᠢᠮᠦᠷᠬᠦ ᠬᠥᠮᠦᠰ ᠦᠨ ᠬᠢ ᠶᠤᠮ᠃ 15 ᠲᠠ ᠨᠠᠷ ᠲᠤ ᠪᠠᠲᠤᠲᠠᠢ ᠬᠡᠯᠡᠶ᠎ᠡ᠃ ᠪᠤᠷᠬᠠᠨ ᠤ ᠬᠠᠭᠠᠨᠴᠢᠯᠠᠯ ᠢ ᠬᠡᠦᠬᠡᠳ ᠰᠢᠭ ᠢᠶᠠᠷ ᠬᠦᠯᠢᠶᠡᠨ ᠠᠪᠬᠤ ᠠᠴᠠ ᠨᠠᠰᠢ ᠬᠡᠨ ᠴᠤ ᠲᠡᠨᠳᠡ ᠯᠠᠪ ᠣᠷᠣᠬᠤ ᠦᠭᠡᠢ》 ᠭᠡᠪᠡ᠃ 16 ᠢᠰᠦ᠋ᠰ ᠬᠡᠦᠬᠡᠳ ᠤᠳ ᠢ ᠲᠡᠪᠡᠷᠢᠵᠦ᠂ ᠲᠡᠳᠡᠨ ᠦ ᠳᠡᠭᠡᠷ᠎ᠡ ᠮᠤᠲᠤᠷ ᠢᠶᠠᠨ ᠲᠠᠯᠪᠢᠭᠠᠳ ᠢᠷᠥᠭᠡᠵᠦ ᠪᠠᠢᠪᠠ᠃
 ᠪᠠᠶᠠᠨ ᠵᠠᠯᠠᠭᠤ ᠨᠣᠶᠠᠨ

17 ᠢᠰᠦ᠋ᠰ ᠠᠶᠠᠨ ᠵᠠᠮ ᠳᠠᠭᠠᠨ ᠭᠠᠷᠬᠤ ᠳᠤ ᠨᠢᠭᠡᠨ ᠬᠥᠮᠦᠨ ᠭᠦᠶᠦᠨ ᠢᠷᠡᠵᠦ᠂ ᠲᠡᠭᠦᠨ ᠦ ᠡᠮᠦᠨ᠎ᠡ ᠰᠥᠭᠥᠳᠥᠭᠡᠳ᠄ 《ᠰᠠᠢᠨ ᠪᠠᠭᠰᠢ ᠡ᠂ ᠮᠥᠩᠬᠡ ᠠᠮᠢ ᠶᠢ ᠥᠪᠯᠡᠬᠦ ᠶᠢᠨ ᠲᠤᠯᠠᠳᠠ ᠪᠢ ᠶᠠᠭᠤ ᠬᠢᠬᠦ ᠶᠣᠰᠣᠲᠠᠢ ᠪᠤᠢ︖》 ᠭᠡᠵᠦ ᠠᠰᠠᠭᠤᠪᠠ᠃ 18 ᠢᠰᠦ᠋ᠰ᠄ 《ᠴᠢ ᠶᠠᠭᠤᠨ ᠳᠤ ᠨᠠᠮᠠᠶᠢ ᠰᠠᠢᠨ ᠭᠡᠵᠦ ᠪᠠᠢᠨ᠎ᠠ ᠪᠤᠢ︖ ᠭᠠᠭᠴᠠ ᠪᠤᠷᠬᠠᠨ ᠠᠴᠠ ᠥᠭᠡᠷ᠎ᠡ ᠬᠡᠨ ᠴᠤ ᠰᠠᠢᠨ ᠪᠢᠰᠢ᠃ 19 〈ᠪᠦᠦ ᠠᠯᠠ᠂ ᠪᠦᠦ ᠵᠠᠪᠬᠠᠢᠷᠠ᠂ ᠪᠦᠦ ᠬᠤᠯᠠᠭᠠᠢᠯᠠ᠂ ᠬᠤᠳᠠᠯ ᠢᠶᠠᠷ ᠪᠦᠦ ᠭᠡᠷᠡᠴᠢᠯᠡ᠂ ᠪᠦᠦ ᠮᠡᠬᠡᠯᠡ᠂ ᠡᠴᠢᠭᠡ ᠡᠬᠡ ᠪᠡᠨ ᠬᠦᠨᠳᠦᠯᠡ〉 ᠭᠡᠰᠡᠨ ᠵᠠᠷᠯᠢᠭ ᠤᠳ ᠢ ᠴᠢ ᠮᠡᠳᠡᠨ᠎ᠡ ᠰᠢᠦ ᠳᠠ》 ᠭᠡᠰᠡᠨ ᠳᠦ᠂ 20 ᠲᠡᠷᠡ᠄ 《ᠪᠠᠭᠰᠢ ᠡ᠂ ᠡᠨᠡ ᠪᠦᠬᠦᠨ ᠢ ᠪᠢ ᠪᠠᠭ᠎ᠠ ᠠᠴᠠ ᠪᠠᠨ ᠰᠠᠬᠢᠭᠰᠠᠨ》 ᠭᠡᠪᠡ᠃ 21 ᠢᠰᠦ᠋ᠰ ᠲᠡᠭᠦᠨ ᠢ ᠰᠢᠷᠲᠡᠵᠦ᠂ ᠬᠠᠢᠷᠠᠯᠠᠨ ᠬᠡᠯᠡᠬᠦ ᠳᠡᠭᠡᠨ᠄ 《ᠴᠢᠮ᠎ᠠ ᠳᠤ ᠨᠢᠭᠡ ᠶᠠᠭᠤᠮ᠎ᠠ ᠳᠤᠲᠠᠭᠤ ᠪᠠᠢᠨ᠎ᠠ᠃ ᠬᠠᠷᠢ᠂ ᠪᠠᠢᠭ᠎ᠠ ᠪᠦᠬᠦᠨ ᠢᠶᠡᠨ ᠬᠤᠳᠠᠯᠳᠤᠭᠠᠳ ᠶᠠᠳᠠᠭᠤᠴᠤᠳ ᠲᠤ ᠥᠭ᠂ ᠲᠡᠭᠡᠪᠡᠯ ᠴᠢ ᠲᠩᠷᠢ ᠳᠤ ᠡᠷᠳᠡᠨᠢᠰ ᠲᠠᠢ ᠪᠣᠯᠣᠨ᠎ᠠ᠃ ᠲᠡᠭᠡᠭᠡᠳ ᠢᠷᠡᠵᠦ ᠨᠠᠮᠠᠶᠢ ᠳᠠᠭ᠎ᠠ》 ᠭᠡᠯ᠎ᠡ᠃ 22 ᠲᠡᠷᠡ ᠬᠥᠮᠦᠨ ᠶᠡᠬᠡ ᠬᠥᠷᠥᠩᠭᠡ ᠲᠠᠢ ᠪᠣᠯᠬᠣᠷ ᠡᠨᠡ ᠦᠭᠡᠨ ᠡᠴᠡ ᠪᠣᠯᠵᠤ ᠴᠢᠷᠠᠢ ᠪᠠᠷᠤᠢᠵᠤ ᠭᠤᠨᠢᠭᠲᠠᠢ ᠪᠠᠷ ᠶᠠᠪᠤᠵᠠᠢ᠃

23 ᠢᠰᠦ᠋ᠰ ᠡᠷᠭᠢᠨ ᠲᠣᠭᠣᠷᠢᠨ ᠢᠶᠠᠨ ᠬᠠᠷᠠᠵᠤ᠂ ᠱᠠᠪᠢ ᠨᠠᠷ ᠲᠠᠭᠠᠨ᠄ 《ᠬᠥᠷᠥᠩᠭᠡ ᠲᠠᠢ ᠬᠥᠮᠦᠰ ᠦᠨ ᠪᠤᠷᠬᠠᠨ ᠤ ᠬᠠᠭᠠᠨᠴᠢᠯᠠᠯ ᠳᠤ ᠣᠷᠣᠬᠤ ᠨᠢ ᠶᠠᠭᠠᠬᠢᠭᠰᠠᠨ ᠪᠡᠷᠬᠡ ᠲᠠᠢ ᠶᠤᠮ ᠪᠤᠢ︕》 ᠭᠡᠪᠡ᠃ 24 ᠱᠠᠪᠢ ᠨᠠᠷ ᠨᠢ ᠲᠡᠭᠦᠨ ᠦ ᠦᠭᠡ ᠶᠢ ᠭᠠᠢᠬᠠᠵᠤ ᠪᠠᠢᠯ᠎ᠠ᠃ ᠢᠰᠦ᠋ᠰ ᠲᠡᠳᠡᠨ ᠳᠦ᠄ 《ᠬᠡᠦᠬᠡᠳ ᠤᠳ ᠡ᠂ ᠪᠤᠷᠬᠠᠨ ᠤ ᠬᠠᠭᠠᠨᠴᠢᠯᠠᠯ ᠳᠤ ᠣᠷᠣᠬᠤ ᠨᠢ ᠶᠠᠭᠠᠬᠢᠭᠰᠠᠨ ᠪᠡᠷᠬᠡ ᠲᠠᠢ ᠪᠤᠢ︕ 25 ᠪᠠᠶᠠᠨ ᠬᠥᠮᠦᠨ ᠪᠤᠷᠬᠠᠨ ᠤ ᠬᠠᠭᠠᠨᠴᠢᠯᠠᠯ ᠳᠤ ᠣᠷᠣᠬᠤ ᠠᠴᠠ ᠲᠡᠪᠡᠨᠡ ᠶᠢᠨ ᠰᠦᠪᠡ ᠪᠡᠷ ᠲᠡᠮᠡᠭᠡ ᠣᠷᠣᠬᠤ ᠨᠢ ᠬᠢᠯᠪᠠᠷᠬᠠᠨ》 ᠭᠡᠰᠡᠨ ᠳᠦ᠂ 26 ᠲᠡᠳᠡ ᠨᠡᠩ ᠭᠠᠢᠬᠠᠵᠤ᠄ 《ᠲᠡᠭᠡᠪᠡᠯ ᠬᠡᠨ ᠠᠪᠤᠷᠠᠭᠳᠠᠵᠤ ᠴᠢᠳᠠᠬᠤ ᠶᠤᠮ ᠪᠤᠢ︖》 ᠭᠡᠯᠴᠡᠪᠡ᠃ 27 ᠢᠰᠦ᠋ᠰ ᠲᠡᠳᠡᠨ ᠢ ᠰᠢᠷᠲᠡᠵᠦ᠄ 《ᠬᠥᠮᠦᠨ ᠳᠦ ᠪᠣᠯᠣᠮᠵᠢ ᠦᠭᠡᠢ᠂ ᠬᠠᠷᠢᠨ ᠪᠤᠷᠬᠠᠨ ᠳᠤ ᠪᠣᠯ ᠲᠡᠢᠮᠦ ᠪᠢᠰᠢ᠂ ᠪᠤᠷᠬᠠᠨ ᠳᠤ ᠪᠦᠬᠦ ᠶᠠᠭᠤᠮ᠎ᠠ ᠪᠣᠯᠣᠮᠵᠢ ᠲᠠᠢ》 ᠭᠡᠪᠡ᠃

28 ᠫᠧᠲ᠋ᠧᠷ᠄ 《ᠬᠠᠷᠠ ᠳᠠ᠂ ᠪᠢᠳᠡ ᠪᠦᠬᠦᠨ ᠢᠶᠡᠨ ᠣᠷᠬᠢᠭᠠᠳ ᠲᠠᠨ ᠢ ᠳᠠᠭᠠᠭᠰᠠᠨ》 ᠬᠡᠮᠡᠨ ᠶᠠᠷᠢᠵᠤ ᠡᠬᠢᠯᠡᠭᠰᠡᠨ ᠳᠦ᠂ 29 ᠢᠰᠦ᠋ᠰ᠄ 《ᠲᠠ ᠨᠠᠷ ᠲᠤ ᠪᠠᠲᠤᠲᠠᠢ ᠬᠡᠯᠡᠶ᠎ᠡ᠃ ᠮᠢᠨᠦ ᠲᠥᠯᠥᠭᠡ ᠪᠣᠯᠣᠨ ᠪᠠᠶᠠᠷ ᠤᠨ ᠮᠡᠳᠡᠭᠡᠨ ᠦ ᠲᠥᠯᠥᠭᠡ ᠭᠡᠷ ᠣᠷᠣᠨ᠂ ᠡᠰᠡᠪᠡᠯ ᠠᠬ᠎ᠠ ᠳᠡᠭᠦᠦ᠂ ᠡᠭᠡᠴᠢ ᠳᠡᠭᠦᠦ᠂ ᠡᠴᠢᠭᠡ ᠪᠤᠶᠤ ᠡᠬᠡ᠂ ᠦᠷ᠎ᠡ ᠬᠡᠦᠬᠡᠳ ᠤᠳ᠂ ᠡᠰᠡᠪᠡᠯ ᠭᠠᠵᠠᠷ ᠲᠠᠷᠢᠶ᠎ᠠ ᠪᠠᠨ ᠣᠷᠬᠢᠭᠰᠠᠨ ᠬᠥᠮᠦᠨ ᠪᠣᠯᠭᠠᠨ 30 ᠡᠨᠡ ᠦᠶ᠎ᠡ ᠳᠦ ᠬᠠᠪᠴᠢᠯᠭ᠎ᠠ ᠠᠮᠰᠠᠬᠤ ᠪᠣᠯᠪᠠᠴᠤ ᠭᠡᠷ ᠣᠷᠣᠨ᠂ ᠠᠬ᠎ᠠ ᠳᠡᠭᠦᠦ᠂ ᠡᠭᠡᠴᠢ ᠳᠡᠭᠦᠦ᠂ ᠡᠵᠢ᠂ ᠦᠷ᠎ᠡ ᠬᠡᠦᠬᠡᠳ᠂ ᠭᠠᠵᠠᠷ ᠲᠠᠷᠢᠶ᠎ᠠ ᠪᠠᠨ ᠵᠠᠭᠤ ᠳᠠᠬᠢᠨ ᠣᠯᠵᠤ᠂ ᠢᠷᠡᠬᠦ ᠦᠶ᠎ᠡ ᠳᠦ ᠮᠥᠩᠬᠡ ᠠᠮᠢ ᠣᠯᠣᠨ᠎ᠠ᠃ 31 ᠬᠠᠷᠢᠨ ᠲᠦᠷᠦᠭᠦᠨ ᠳᠦ ᠪᠠᠢᠭ᠎ᠠ ᠨᠢ ᠰᠡᠭᠦᠯᠴᠢ ᠶᠢᠨ ᠬᠢ ᠪᠣᠯᠵᠤ᠂ ᠰᠡᠭᠦᠯ ᠳᠦ ᠪᠠᠢᠭ᠎ᠠ ᠨᠢ ᠲᠦᠷᠦᠭᠦᠨ ᠦ ᠬᠢ ᠪᠣᠯᠬᠤ ᠨᠢ ᠣᠯᠠᠨ ᠪᠤᠢ》 ᠭᠡᠪᠡ᠃
 ᠠᠯᠠᠭᠳᠠᠵᠤ ᠠᠮᠢᠯᠠᠬᠤ ᠲᠤᠬᠠᠢ ᠪᠠᠨ (3)

32 ᠢᠰᠦ᠋ᠰ ᠶᠧᠷᠦ᠋ᠰᠠᠯᠧᠮ ᠥᠭᠡᠳᠡ ᠣᠴᠢᠬᠤ ᠵᠠᠮ ᠳᠠᠭᠠᠨ ᠱᠠᠪᠢ ᠨᠠᠷ ᠤᠨ ᠢᠶᠠᠨ ᠡᠮᠦᠨ᠎ᠡ ᠶᠠᠪᠤᠵᠤ ᠪᠠᠢᠵᠠᠢ᠃ ᠱᠠᠪᠢ ᠨᠠᠷ ᠨᠢ ᠭᠠᠢᠬᠠᠵᠤ᠂ ᠠᠷᠤ ᠠᠴᠠ ᠨᠢ ᠳᠠᠭᠠᠭᠰᠠᠳ ᠠᠶᠤᠵᠤ ᠪᠠᠢᠯ᠎ᠠ᠃ ᠢᠰᠦ᠋ᠰ ᠳᠠᠬᠢᠭᠠᠳ ᠯᠠ ᠠᠷᠪᠠᠨ ᠬᠣᠶᠠᠷ ᠢᠶᠠᠨ ᠬᠠᠵᠠᠭᠤ ᠳᠠᠭᠠᠨ ᠠᠪᠴᠢᠷᠠᠵᠤ ᠥᠪᠡᠷ ᠲᠤᠨᠢ ᠶᠠᠭᠤ ᠶᠠᠭᠤ ᠲᠣᠬᠢᠶᠠᠯᠳᠤᠬᠤ ᠲᠤᠬᠠᠢ ᠠᠢᠯᠠᠳᠴᠤ ᠡᠬᠢᠯᠡᠨ᠄ 33 《ᠠᠩ᠋ᠬᠠᠷᠤᠭᠲᠤᠨ᠂ ᠪᠢᠳᠡ ᠶᠧᠷᠦ᠋ᠰᠠᠯᠧᠮ ᠥᠭᠡᠳᠡ ᠶᠠᠪᠤᠵᠤ ᠪᠠᠢᠨ᠎ᠠ᠃ ᠬᠥᠮᠦᠨ ᠦ ᠬᠦᠦ ᠠᠬᠠᠯᠠᠬᠤ ᠲᠠᠬᠢᠯᠴᠢᠳ ᠪᠣᠯᠣᠨ ᠪᠢᠴᠢᠭᠲᠡᠳ ᠲᠦ ᠲᠤᠰᠢᠶᠠᠭᠳᠠᠨ᠎ᠠ᠂ ᠲᠡᠳᠡ ᠲᠡᠭᠦᠨ ᠢ ᠠᠯᠠᠬᠤ ᠪᠠᠷ ᠶᠠᠯᠠᠯᠠᠵᠤ ᠬᠠᠷᠢᠴᠤᠳ ᠲᠤ ᠲᠤᠰᠢᠶᠠᠬᠤ ᠪᠣᠯᠣᠨ᠎ᠠ᠃ 34 ᠬᠠᠷᠢᠴᠤᠳ ᠲᠡᠭᠦᠨ ᠢ ᠳᠣᠭᠣᠭᠢᠯᠠᠵᠤ᠂ ᠨᠤᠯᠮᠤᠵᠤ᠂ ᠲᠠᠰᠢᠭᠤᠷᠳᠠᠭᠠᠳ ᠠᠯᠠᠬᠤ ᠪᠣᠯᠪᠠᠴᠤ ᠲᠡᠷᠡ ᠪᠡᠷ ᠭᠤᠷᠪᠠᠳᠤᠭᠠᠷ ᠡᠳᠦᠷ ᠳᠡᠭᠡᠷ᠎ᠡ ᠪᠡᠨ ᠠᠮᠢᠯᠠᠬᠤ ᠪᠣᠯᠣᠨ᠎ᠠ》 ᠭᠡᠪᠡ᠃
 ᠳᠠᠪᠠᠭᠤ ᠡᠷᠬᠡ ᠶᠢ ᠭᠤᠶᠤᠭᠴᠢ

35 ᠽᠧᠪᠧᠳᠠᠢ ᠶᠢᠨ ᠬᠣᠶᠠᠷ ᠬᠦᠦ ᠶᠠᠺᠣᠪ ᠪᠣᠯᠣᠨ ᠶᠣᠬᠠᠨ ᠢᠰᠦ᠋ᠰ ᠲᠤ ᠣᠢᠷᠠᠲᠤᠵᠤ᠄ 《ᠪᠠᠭᠰᠢ ᠡ᠂ ᠪᠢᠳᠡ ᠨᠢᠭᠡ ᠶᠠᠭᠤᠮ᠎ᠠ ᠬᠦᠰᠡᠵᠦ ᠪᠠᠢᠨ᠎ᠠ᠂ ᠶᠠᠭᠤ ᠭᠤᠶᠤᠭᠰᠠᠨ ᠴᠤ ᠲᠠ ᠬᠢᠵᠦ ᠥᠭᠬᠦ ᠤᠤ︖》 ᠭᠡᠪᠡ᠃ 36 ᠢᠰᠦ᠋ᠰ᠄ 《ᠲᠠ ᠨᠠᠷ ᠨᠠᠳᠠ ᠪᠠᠷ ᠶᠠᠭᠤ ᠬᠢᠯᠭᠡᠬᠦ ᠰᠠᠨᠠᠭ᠎ᠠ ᠲᠠᠢ ᠪᠤᠢ︖》 ᠭᠡᠰᠡᠨ ᠳᠦ᠂ 37 ᠲᠡᠳᠡ᠄ 《ᠲᠠᠨ ᠤ ᠠᠯᠳᠠᠷ ᠰᠤᠤ ᠶᠢᠨ ᠳᠣᠲᠣᠷ᠎ᠠ ᠪᠠᠢᠬᠤ ᠳᠤ ᠮᠢᠨᠢ᠂ ᠪᠢᠳᠡᠨ ᠦ ᠨᠢᠭᠡ ᠶᠢ ᠨᠢ ᠪᠠᠷᠠᠭᠤᠨ ᠲᠠᠯ᠎ᠠ ᠳᠠᠭᠠᠨ᠂ ᠨᠥᠭᠥᠭᠡ ᠶᠢ ᠨᠢ ᠵᠡᠭᠦᠨ ᠲᠠᠯ᠎ᠠ ᠳᠠᠭᠠᠨ ᠰᠠᠭᠤᠯᠭᠠᠭᠠᠴᠢ》 ᠭᠡᠪᠡ᠃ 38 ᠢᠰᠦ᠋ᠰ᠄ 《ᠲᠠ ᠨᠠᠷ ᠶᠠᠭᠤ ᠭᠤᠶᠤᠵᠤ ᠪᠠᠢᠭ᠎ᠠ ᠪᠠᠨ ᠮᠡᠳᠡᠬᠦ ᠦᠭᠡᠢ ᠪᠠᠢᠨ᠎ᠠ᠂ ᠲᠠ ᠨᠠᠷ ᠮᠢᠨᠦ ᠤᠤᠭᠤᠬᠤ ᠴᠣᠮᠣ ᠠᠴᠠ ᠤᠤᠭᠤᠵᠤ᠂ ᠮᠢᠨᠦ ᠬᠦᠷᠲᠡᠬᠦ ᠤᠬᠢᠶᠠᠯ ᠢ ᠬᠦᠷᠲᠡᠵᠦ ᠴᠢᠳᠠᠬᠤ ᠤᠤ︖》 ᠭᠡᠬᠦ ᠳᠦ᠂ 39 ᠲᠡᠳᠡ᠄ 《ᠴᠢᠳᠠᠨ᠎ᠠ》 ᠭᠡᠪᠡ᠃ ᠢᠰᠦ᠋ᠰ ᠲᠡᠳᠡᠨ ᠳᠦ᠄ 《ᠲᠠ ᠨᠠᠷ ᠮᠢᠨᠦ ᠤᠤᠭᠤᠬᠤ ᠴᠣᠮᠣ ᠠᠴᠠ ᠤᠤᠭᠤᠵᠤ᠂ ᠮᠢᠨᠦ ᠬᠦᠷᠲᠡᠬᠦ ᠤᠬᠢᠶᠠᠯ ᠢ ᠬᠦᠷᠲᠡᠬᠦ ᠪᠣᠯᠣᠨ᠎ᠠ᠃ 40 ᠬᠠᠷᠢᠨ ᠮᠢᠨᠦ ᠪᠠᠷᠠᠭᠤᠨ ᠵᠡᠭᠦᠨ ᠲᠠᠯ᠎ᠠ ᠳᠤ ᠰᠠᠭᠤᠬᠤ ᠶᠢ ᠰᠣᠶᠣᠷᠬᠠᠬᠤ ᠨᠢ ᠪᠢ ᠪᠢᠰᠢ᠂ ᠪᠡᠯᠡᠳᠬᠡᠭᠳᠡᠭᠰᠡᠨ ᠬᠥᠮᠦᠰ ᠰᠠᠭᠤᠬᠤ ᠪᠣᠯᠣᠨ᠎ᠠ》 ᠭᠡᠪᠡ᠃

41 ᠠᠷᠪᠠᠨ ᠱᠠᠪᠢ ᠡᠭᠦᠨ ᠢ ᠰᠣᠨᠣᠰᠣᠭᠠᠳ ᠶᠠᠺᠣᠪ᠂ ᠶᠣᠬᠠᠨ ᠳᠤ ᠠᠭᠤᠷᠯᠠᠵᠤ ᠡᠬᠢᠯᠡᠪᠡ᠃ 42 ᠢᠰᠦ᠋ᠰ ᠲᠡᠳᠡᠨ ᠢ ᠬᠠᠵᠠᠭᠤ ᠳᠠᠭᠠᠨ ᠳᠠᠭᠤᠳᠠᠵᠤ᠄ 《ᠬᠠᠷᠢᠴᠤᠳ ᠤᠨ ᠵᠠᠬᠢᠷᠤᠭᠴᠢ ᠭᠡᠭᠳᠡᠳᠡᠭ ᠨᠢ ᠠᠷᠠᠳ ᠣᠯᠠᠨ ᠢᠶᠠᠨ ᠨᠣᠶᠠᠷᠬᠠᠳᠠᠭ ᠪᠥᠭᠡᠳ ᠶᠡᠬᠡ ᠲᠦᠰᠢᠮᠡᠳ ᠨᠢ ᠡᠷᠬᠡᠰᠢᠶᠡᠳᠡᠭ ᠢ ᠲᠠ ᠨᠠᠷ ᠮᠡᠳᠡᠨ᠎ᠡ᠃ 43 ᠬᠠᠷᠢᠨ ᠲᠠ ᠨᠠᠷ ᠤᠨ ᠳᠤᠮᠳᠠ ᠲᠡᠭᠡᠵᠦ ᠪᠣᠯᠬᠤ ᠦᠭᠡᠢ᠃ ᠲᠠ ᠨᠠᠷ ᠤᠨ ᠳᠤᠮᠳᠠ ᠠᠭᠤᠤ ᠪᠣᠯᠬᠤ ᠶᠢ ᠬᠦᠰᠡᠭᠴᠢ ᠨᠢ ᠲᠠ ᠨᠠᠷ ᠤᠨ ᠦᠢᠯᠡᠴᠢᠯᠡᠭᠴᠢ ᠪᠣᠯᠵᠤ᠂ 44 ᠲᠠ ᠨᠠᠷ ᠤᠨ ᠳᠤᠮᠳᠠ ᠲᠡᠷᠢᠭᠦᠨ ᠪᠣᠯᠬᠤ ᠶᠢ ᠬᠦᠰᠡᠭᠴᠢ ᠨᠢ ᠪᠦᠭᠦᠳᠡ ᠶᠢᠨ ᠵᠠᠷᠤᠴᠠ ᠪᠣᠯᠣᠭ᠃ 45 ᠤᠴᠢᠷ ᠨᠢ᠂ ᠬᠥᠮᠦᠨ ᠦ ᠬᠦᠦ ᠦᠢᠯᠡᠴᠢᠯᠡᠭᠦᠯᠬᠦ ᠪᠡᠷ ᠪᠢᠰᠢ᠂ ᠬᠠᠷᠢᠨ ᠦᠢᠯᠡᠴᠢᠯᠡᠬᠦ ᠪᠡᠷ᠂ ᠠᠮᠢ ᠪᠠᠨ ᠣᠯᠠᠨ ᠤ ᠣᠷᠣᠨ ᠳᠤ ᠵᠣᠯᠢᠶᠠᠰᠤ ᠪᠣᠯᠭᠠᠨ ᠥᠭᠬᠦ ᠪᠡᠷ ᠢᠷᠡᠭᠰᠡᠨ ᠶᠤᠮ》 ᠭᠡᠵᠦ ᠬᠡᠯᠡᠪᠡ᠃
 ᠪᠠᠷᠲ᠋ᠢᠮᠠᠢ ᠬᠠᠷᠠᠭ᠎ᠠ ᠣᠷᠣᠭᠰᠠᠨ ᠨᠢ

46 ᠲᠡᠳᠡ ᠶᠧᠷᠢᠺᠣ ᠳᠤ ᠬᠦᠷᠪᠡ᠃ ᠢᠰᠦ᠋ᠰ ᠱᠠᠪᠢ ᠨᠠᠷ ᠪᠣᠯᠣᠨ ᠮᠠᠰᠢ ᠣᠯᠠᠨ ᠬᠥᠮᠦᠨ ᠦ ᠬᠠᠮᠲᠤ ᠳᠠᠬᠢᠨ ᠶᠧᠷᠢᠺᠣ ᠠᠴᠠ ᠭᠠᠷᠴᠤ ᠶᠠᠪᠤᠬᠤ ᠳᠤ᠂ ᠲᠢᠮᠠᠢ ᠶᠢᠨ ᠬᠦᠦ ᠪᠠᠷᠲ᠋ᠢᠮᠠᠢ ᠭᠡᠭᠴᠢ ᠰᠣᠬᠣᠷ ᠭᠤᠶᠤᠯᠭᠠᠴᠢᠨ ᠵᠠᠮ ᠤᠨ ᠬᠠᠵᠠᠭᠤ ᠳᠤ ᠰᠠᠭᠤᠵᠤ ᠪᠠᠢᠪᠠ᠃ 47 ᠲᠡᠷᠡ ᠬᠥᠮᠦᠨ ᠨᠠᠽᠠᠷᠧᠲ ᠤᠨ ᠢᠰᠦ᠋ᠰ ᠭᠡᠵᠦ ᠳᠤᠭᠤᠯᠤᠭᠠᠳ᠄ 《ᠳ᠋ᠠᠸᠢᠳ᠋ ᠤᠨ ᠤᠳᠤᠮ ᠢᠰᠦ᠋ᠰ ᠡ᠂ ᠨᠠᠮᠠᠶᠢ ᠡᠨᠡᠷᠢᠭᠡᠴᠢ︕》 ᠭᠡᠵᠦ ᠬᠠᠰᠬᠢᠷᠴᠤ ᠡᠬᠢᠯᠡᠪᠡ᠃ 48 ᠣᠯᠠᠨ ᠬᠥᠮᠦᠨ᠄ 《ᠳᠠᠭᠤ ᠦᠭᠡᠢ ᠪᠠᠢ》 ᠭᠡᠵᠦ ᠵᠠᠩᠨᠠᠭᠰᠠᠨ ᠪᠣᠯᠪᠠᠴᠤ ᠲᠡᠷᠡ ᠤᠯᠠᠮ ᠴᠢᠩᠭ᠍᠎ᠠ ᠪᠠᠷ᠄ 《ᠳ᠋ᠠᠸᠢᠳ᠋ ᠤᠨ ᠤᠳᠤᠮ ᠡ᠂ ᠨᠠᠮᠠᠶᠢ ᠡᠨᠡᠷᠢᠭᠡᠴᠢ︕》 ᠭᠡᠵᠦ ᠬᠠᠰᠬᠢᠷᠤᠭᠰᠠᠭᠠᠷ ᠪᠠᠢᠪᠠ᠃ 49 ᠢᠰᠦ᠋ᠰ ᠬᠦᠯᠢᠶᠡᠰᠬᠢᠵᠦ᠄ 《ᠲᠡᠭᠦᠨ ᠢ ᠳᠠᠭᠤᠳᠠ》 ᠭᠡᠯ᠎ᠡ᠃ ᠲᠡᠳᠡ ᠰᠣᠬᠣᠷ ᠢ ᠳᠠᠭᠤᠳᠠᠵᠤ᠄ 《ᠰᠡᠳᠬᠢᠯ ᠠᠮᠤᠷ ᠪᠠᠢ᠂ ᠪᠣᠰ᠃ ᠴᠢᠮᠠᠶᠢ ᠳᠠᠭᠤᠳᠠᠵᠤ ᠪᠠᠢᠨ᠎ᠠ》 ᠭᠡᠪᠡ᠃ 50 ᠲᠡᠷᠡ ᠬᠤᠪᠴᠠᠰᠤ ᠪᠠᠨ ᠬᠠᠶᠠᠭᠠᠳ ᠦᠰᠦᠷᠦᠨ ᠪᠣᠰᠴᠤ ᠢᠰᠦ᠋ᠰ ᠤᠷᠤᠭᠤ ᠣᠴᠢᠪᠡ᠃ 51 ᠢᠰᠦ᠋ᠰ᠄ 《ᠨᠠᠳᠠ ᠪᠠᠷ ᠶᠠᠭᠤ ᠬᠢᠯᠭᠡᠬᠦ ᠶᠢ ᠬᠦᠰᠡᠵᠦ ᠪᠠᠢᠨ᠎ᠠ ᠪᠤᠢ︖》 ᠭᠡᠬᠦ ᠳᠦ᠂ ᠰᠣᠬᠣᠷ᠄ 《ᠪᠠᠭᠰᠢ ᠡ᠂ ᠪᠢ ᠬᠠᠷᠠᠭ᠎ᠠ ᠲᠠᠢ ᠪᠣᠯᠬᠤ ᠶᠤᠮ ᠰᠠᠨ》 ᠭᠡᠵᠡᠢ᠃ 52 ᠢᠰᠦ᠋ᠰ ᠲᠡᠭᠦᠨ ᠳᠦ᠄ 《ᠶᠠᠪᠤ᠂ ᠢᠲᠡᠭᠡᠯ ᠴᠢᠨᠢ ᠴᠢᠮᠠᠶᠢ ᠠᠪᠤᠷᠠᠯ᠎ᠠ》 ᠭᠡᠵᠦ ᠬᠡᠯᠡᠮᠡᠭᠴᠡ᠂ ᠥᠨᠥᠬᠢ ᠬᠥᠮᠦᠨ ᠬᠠᠷᠠᠭ᠎ᠠ ᠣᠷᠣᠵᠤ ᠵᠠᠮ ᠢᠶᠠᠷ ᠶᠠᠪᠤᠭ᠎ᠠ ᠢᠰᠦ᠋ᠰ ᠢ ᠳᠠᠭᠠᠯ᠎ᠠ᠃