1 2 3 4 5 6 7 8 9 10 11 12 13


ᠢᠪᠷᠠᠢ ᠳᠥᠷᠪᠡ
 ᠠᠮᠠᠯᠠᠭᠰᠠᠨ ᠠᠮᠠᠷᠠᠯ

1 ᠡᠢᠮᠦ ᠡᠴᠡ ᠪᠢᠳᠡ ᠡᠮᠢᠶᠡᠵᠡᠭᠡᠶ᠎ᠡ᠃ ᠲᠡᠭᠦᠨ ᠦ ᠠᠮᠠᠷᠠᠯ ᠳᠤ ᠣᠷᠣᠬᠤ ᠠᠮᠠᠯᠠᠯᠲᠠ ᠪᠠᠢᠭᠰᠠᠭᠠᠷ᠂ ᠬᠠᠷᠢᠨ ᠲᠠ ᠨᠠᠷ ᠤᠨ ᠬᠡᠨ ᠨᠢᠭᠡᠨ ᠨᠢ ᠬᠣᠵᠢᠭᠳᠠᠭᠤᠵᠠᠢ᠃ 2 ᠤᠴᠢᠷ ᠨᠢ᠂ ᠪᠠᠶᠠᠷ ᠤᠨ ᠮᠡᠳᠡᠭᠡ ᠲᠡᠳᠡᠨ ᠳᠦ ᠰᠣᠨᠣᠰᠳᠠᠭᠰᠠᠨ ᠲᠠᠢ ᠠᠳᠠᠯᠢ ᠪᠠᠷ ᠪᠢᠳᠡᠨ ᠳᠦ ᠴᠤ ᠰᠣᠨᠣᠰᠳᠠᠭᠰᠠᠨ᠃ ᠲᠡᠳᠡᠨ ᠦ ᠬᠤᠪᠢ ᠳᠤ᠂ ᠰᠣᠨᠣᠰᠣᠭᠰᠠᠨ ᠦᠭᠡ ᠪᠡᠨ ᠢᠲᠡᠭᠡᠯ ᠲᠡᠢ ᠪᠡᠨ ᠬᠣᠯᠪᠣᠭᠰᠠᠨ 4 ᠦᠭᠡᠢ ᠲᠤᠯᠠ ᠲᠤᠰᠠ ᠪᠣᠯᠣᠭᠰᠠᠨ ᠦᠭᠡᠢ᠂ 3 (ᠬᠠᠷᠢᠨ ᠢᠲᠡᠭᠡᠭᠰᠡᠨ ᠪᠢᠳᠡ ᠠᠮᠠᠷᠠᠯ ᠥᠭᠡᠳᠡ ᠣᠷᠣᠵᠤ ᠪᠠᠢᠨ᠎ᠠ᠃) ᠲᠡᠢᠨ ᠬᠦ᠄ 《ᠪᠢ ᠠᠭᠤᠷ ᠲᠠᠢ ᠪᠠᠷ ᠲᠤᠩ᠋ᠬᠠᠭᠯᠠᠨ᠄ 〈ᠲᠡᠳᠡ ᠮᠢᠨᠦ ᠠᠮᠠᠷᠠᠯ ᠳᠤ ᠬᠡᠵᠢᠶ᠎ᠡ ᠴᠤ ᠣᠷᠣᠬᠤ ᠦᠭᠡᠢ〉》 ᠭᠡᠰᠡᠨ ᠦ ᠶᠣᠰᠣᠭᠠᠷ ᠪᠣᠯᠪᠠ᠃ ᠭᠡᠬᠦ ᠳᠡᠭᠡᠨ ᠡᠨᠡ ᠠᠮᠠᠷᠠᠯ ᠨᠢ ᠶᠢᠷᠲᠢᠨᠴᠦ ᠪᠦᠲᠦᠭᠡᠭᠳᠡᠭᠰᠡᠨ ᠡᠴᠡ ᠨᠠᠰᠢ ᠪᠡᠯᠡᠨ ᠪᠠᠢᠭᠰᠠᠨ᠃ 4 ᠳᠣᠯᠣᠳᠤᠭᠠᠷ ᠡᠳᠦᠷ 5  ᠤᠨ ᠲᠤᠬᠠᠢ ᠨᠢᠭᠡᠨ ᠬᠡᠰᠡᠭ ᠲᠦ 《ᠳᠣᠯᠣᠳᠠᠬᠢ ᠡᠳᠦᠷ ᠪᠤᠷᠬᠠᠨ ᠪᠦᠬᠦ ᠠᠵᠢᠯ ᠠᠴᠠ ᠪᠠᠨ ᠠᠮᠠᠷᠠᠵᠠᠢ》 ᠭᠡᠰᠡᠨ ᠪᠥᠭᠡᠳ 5 ᠪᠠᠰᠠ ᠨᠥᠭᠥᠭᠡ ᠡᠰᠢᠯᠡᠯ ᠳᠦ 《ᠲᠡᠳᠡ ᠮᠢᠨᠦ ᠠᠮᠠᠷᠠᠯ ᠳᠤ ᠬᠡᠵᠢᠶ᠎ᠡ ᠴᠤ ᠣᠷᠣᠬᠤ ᠦᠭᠡᠢ》 ᠭᠡᠪᠡ᠃ 6 ᠣᠷᠣᠬᠤ ᠪᠣᠯᠣᠮᠵᠢ ᠵᠠᠷᠢᠮ ᠳᠤᠨᠢ ᠪᠠᠢᠭᠰᠠᠭᠠᠷ᠂ ᠪᠠᠶᠠᠷ ᠤᠨ ᠮᠡᠳᠡᠭᠡ ᠶᠢ ᠤᠷᠢᠳᠤ ᠨᠢ ᠰᠣᠨᠣᠰᠣᠭᠰᠠᠨ ᠬᠥᠮᠦᠰ ᠳᠤᠭᠤᠯᠭᠠᠪᠤᠷᠢ ᠦᠭᠡᠢ ᠪᠠᠢᠭᠰᠠᠨ ᠢᠶᠠᠷ ᠣᠷᠣᠵᠤ ᠴᠢᠳᠠᠭᠰᠠᠨ ᠦᠭᠡᠢ᠃ 7 ᠡᠢᠮᠦ ᠡᠴᠡ ᠨᠡᠯᠢᠶᠡᠳ ᠤᠳᠠᠭᠰᠠᠨ ᠤ ᠳᠠᠷᠠᠭ᠎ᠠ᠂ ᠪᠤᠷᠬᠠᠨ ᠳᠠᠬᠢᠨ ᠨᠢᠭᠡᠨ ᠡᠳᠦᠷ ᠢ 《ᠥᠨᠥᠳᠥᠷ》 ᠭᠡᠵᠦ ᠲᠣᠪᠯᠠᠭᠠᠳ᠂ ᠳ᠋ᠠᠸᠢᠳ᠋ ᠢᠶᠠᠷ ᠳᠠᠮᠵᠢᠭᠤᠯᠤᠨ ᠳᠡᠭᠡᠷ᠎ᠡ ᠳᠤᠷᠠᠳᠤᠭᠰᠠᠨᠴᠢᠯᠠᠨ 《ᠬᠡᠷᠪᠡ ᠥᠨᠥᠳᠥᠷ ᠲᠠ ᠨᠠᠷ ᠲᠡᠭᠦᠨ ᠦ ᠳᠠᠭᠤ ᠶᠢ ᠰᠣᠨᠣᠰᠪᠠᠯ᠂ ᠵᠢᠷᠦᠬᠡ ᠪᠡᠨ ᠪᠦᠦ ᠬᠠᠲᠠᠭᠤᠷᠠᠭᠤᠯ》 ᠭᠡᠵᠦ ᠬᠡᠯᠡᠭᠰᠡᠨ᠃ 8 ᠬᠡᠷᠪᠡ ᠶᠣᠱᠦ᠋ᠶ᠎ᠠ ᠲᠡᠳᠡᠨ ᠢ ᠠᠮᠠᠷᠠᠭᠤᠯᠤᠭᠰᠠᠨ ᠪᠣᠯ᠂ ᠡᠭᠦᠨ ᠦ ᠳᠠᠷᠠᠭ᠎ᠠ ᠪᠤᠷᠬᠠᠨ ᠥᠭᠡᠷ᠎ᠡ ᠡᠳᠦᠷ ᠦᠨ ᠲᠤᠬᠠᠢ ᠶᠠᠷᠢᠬᠤ ᠦᠭᠡᠢ ᠪᠠᠢᠭᠰᠠᠨ᠃ 9 ᠡᠭᠦᠨ ᠢᠶᠡᠷ ᠦᠵᠡᠪᠡᠯ᠂ ᠪᠤᠷᠬᠠᠨ ᠤ ᠠᠷᠠᠳ ᠲᠦᠮᠡᠨ ᠦ ᠲᠥᠯᠥᠭᠡ ᠣᠨᠴᠠᠭᠠᠢ ᠠᠮᠠᠷᠠᠯ ᠪᠠᠢᠭᠰᠠᠭᠠᠷ᠃ 10 ᠪᠤᠷᠬᠠᠨ ᠠᠵᠢᠯ ᠠᠴᠠ ᠪᠠᠨ ᠠᠮᠠᠷᠠᠭᠰᠠᠨ ᠰᠢᠭ᠋ ᠲᠡᠭᠦᠨ ᠦ ᠠᠮᠠᠷᠠᠯ ᠳᠤ ᠣᠷᠣᠭᠰᠠᠨ ᠬᠥᠮᠦᠰ ᠴᠤ ᠠᠵᠢᠯ ᠠᠴᠠ ᠪᠠᠨ ᠠᠮᠠᠷᠠᠳᠠᠭ ᠪᠠᠢᠨ᠎ᠠ᠃ 11 ᠲᠡᠢᠨ ᠬᠦ ᠲᠡᠷᠡ ᠠᠮᠠᠷᠠᠯ ᠳᠤ ᠣᠷᠣᠬᠤ ᠶᠢᠨ ᠲᠤᠯᠠᠳᠠ ᠴᠢᠷᠮᠠᠢᠵᠠᠭᠠᠶ᠎ᠠ᠃ ᠬᠡᠨ ᠨᠢᠭᠡ ᠨᠢ ᠳᠡᠭᠡᠷᠡᠬᠢ ᠳᠤᠭᠤᠯᠭᠠᠪᠤᠷᠢ ᠦᠭᠡᠢ ᠵᠢᠱᠢᠶ᠎ᠡ ᠰᠢᠭ ᠤᠨᠠᠭᠤᠵᠠᠢ᠃ 12 ᠤᠴᠢᠷ ᠨᠢ ᠪᠤᠷᠬᠠᠨ ᠤ ᠦᠭᠡ ᠪᠣᠯ ᠠᠮᠢᠳᠤ ᠪᠥᠭᠡᠳ ᠡᠷᠴᠢᠮ ᠲᠠᠢ᠂ ᠬᠣᠶᠠᠷ ᠢᠷ ᠲᠠᠢ ᠠᠯᠢᠪᠠ ᠰᠡᠯᠡᠮ᠎ᠡ ᠡᠴᠡ ᠴᠤ ᠬᠤᠷᠴᠠ ᠪᠣᠯᠬᠣᠷ ᠤᠬᠠᠭᠠᠨ ᠪᠠ ᠰᠦᠨᠡᠰᠦ᠂ ᠦᠶ᠎ᠡ ᠪᠠ ᠴᠢᠮᠥᠭᠡ ᠶᠢ ᠴᠤ ᠨᠡᠪᠲᠡᠯᠦᠨ ᠲᠠᠯᠠᠯᠠᠵᠤ᠂ ᠳᠣᠲᠣᠷᠠᠬᠢ ᠰᠠᠨᠠᠭ᠎ᠠ ᠪᠣᠳᠣᠯ ᠢ ᠰᠢᠭᠦᠳᠡᠭ᠃ 13 ᠲᠡᠭᠦᠨ ᠦ ᠡᠮᠦᠨ᠎ᠡ ᠢᠯᠡᠷᠬᠡᠶᠢᠯᠡᠭᠳᠡᠰᠢ ᠦᠭᠡᠢ ᠪᠦᠲᠦᠭᠡᠯ ᠭᠡᠵᠦ ᠦᠭᠡᠢ᠂ ᠲᠡᠭᠦᠨ ᠦ ᠮᠡᠯᠮᠡᠢ ᠶᠢᠨ ᠡᠮᠦᠨ᠎ᠡ ᠴᠥᠮ ᠨᠢᠴᠦᠭᠦᠨ᠂ ᠢᠯᠡ ᠪᠠᠢᠳᠠᠭ᠃ ᠪᠢᠳᠡ ᠲᠡᠭᠦᠨ ᠳᠦ ᠪᠦᠬᠦᠨ ᠢ ᠥᠴᠢᠭᠯᠡᠬᠦ ᠶᠣᠰᠣᠲᠠᠢ᠃
 ᠪᠢᠳᠡᠨ ᠦ ᠲᠡᠷᠢᠭᠦᠨ ᠲᠠᠬᠢᠯᠴᠢ ᠢᠰᠦ᠋ᠰ

14 ᠬᠠᠷᠢᠨ ᠲᠩᠷᠢ ᠶᠢ ᠨᠡᠪᠲᠡᠯᠦᠭᠰᠡᠨ ᠠᠭᠤᠤ ᠶᠡᠬᠡ ᠲᠡᠷᠢᠭᠦᠨ ᠲᠠᠬᠢᠯᠴᠢ᠂ ᠲᠤᠬᠠᠢᠯᠠᠪᠠᠯ ᠪᠤᠷᠬᠠᠨ ᠤ ᠬᠦᠦ ᠢᠰᠦ᠋ᠰ ᠪᠢᠳᠡᠨ ᠳᠦ ᠪᠤᠢ᠃ ᠲᠡᠢᠮᠦ ᠡᠴᠡ ᠪᠢᠳᠡ ᠢᠯᠡᠷᠬᠡᠶᠢᠯᠡᠭᠰᠡᠨ ᠢᠲᠡᠭᠡᠯ ᠢᠶᠡᠨ ᠪᠠᠷᠢᠮᠲᠠᠯᠠᠵᠠᠭᠠᠶ᠎ᠠ᠃ 15 ᠪᠢᠳᠡᠨ ᠳᠦ ᠪᠤᠢ ᠲᠡᠷᠢᠭᠦᠨ ᠲᠠᠬᠢᠯᠴᠢ ᠨᠢ ᠪᠢᠳᠡᠨ ᠦ ᠳᠣᠷᠣᠢ ᠪᠠᠢᠳᠠᠯ ᠢ ᠥᠷᠥ ᠡᠪᠡᠳᠴᠦ ᠴᠢᠳᠠᠬᠤ ᠦᠭᠡᠢ ᠪᠢᠰᠢ᠂ ᠲᠡᠷᠡ ᠪᠦᠬᠦ ᠲᠠᠯ᠎ᠠ ᠪᠠᠷ ᠪᠢᠳᠡᠨ ᠲᠡᠢ ᠠᠳᠠᠯᠢ ᠲᠡᠩᠰᠡᠭᠳᠡᠭᠰᠡᠨ ᠪᠣᠯᠪᠠᠴᠤ ᠨᠢᠭᠦᠯ ᠦᠭᠡᠢ᠃ 16 ᠲᠡᠢᠮᠦ ᠡᠴᠡ ᠴᠠᠭ ᠲᠠᠭᠠᠨ ᠲᠤᠰᠠ ᠪᠣᠯᠳᠠᠭ ᠡᠨᠡᠷᠢᠯ ᠢ ᠬᠦᠷᠲᠡᠨ᠂ ᠢᠪᠡᠭᠡᠯ ᠢ ᠣᠯᠬᠤ ᠶᠢᠨ ᠲᠤᠯᠠᠳᠠ ᠢᠪᠡᠭᠡᠯ ᠦᠨ ᠰᠡᠨᠲᠢ ᠤᠷᠤᠭᠤ ᠰᠢᠭᠤᠷᠬᠠᠢ ᠣᠢᠷᠠᠲᠤᠵᠠᠭᠠᠶ᠎ᠠ᠃