1 2 3 4 5 6 7 8 9 10 11 12 13


ᠢᠪᠷᠠᠢ ᠠᠷᠪᠠ
 ᠡᠷᠡᠮᠡᠯᠵᠡᠯ ᠦᠨ ᠢᠯᠡᠷᠬᠡᠶᠢᠯᠡᠯᠲᠡ

1 ᠬᠠᠤᠯᠢ ᠭᠡᠳᠡᠭ ᠨᠢ ᠬᠣᠵᠢᠮ ᠢᠷᠡᠬᠦ ᠰᠠᠢᠬᠠᠨ ᠵᠦᠢᠯᠡᠰ ᠦᠨ ᠰᠡᠭᠦᠳᠡᠷ ᠪᠥᠭᠡᠳ ᠵᠢᠩᠬᠢᠨᠢ ᠨᠢ ᠪᠢᠰᠢ ᠤᠴᠢᠷ ᠠᠴᠠ ᠵᠢᠯ ᠡᠴᠡ ᠵᠢᠯ ᠳᠤ ᠳᠠᠪᠲᠠᠨ ᠡᠷᠭᠦᠳᠡᠭ ᠨᠢᠭᠡ ᠯᠠ ᠠᠳᠠᠯᠢ ᠲᠠᠬᠢᠯ ᠨᠢ ᠮᠥᠷᠭᠥᠬᠦ ᠪᠡᠷ ᠢᠷᠡᠭᠴᠢᠳ ᠢ ᠶᠡᠷᠦ ᠨᠢ ᠲᠡᠭᠦᠯᠳᠡᠷᠵᠢᠭᠦᠯᠵᠦ ᠴᠢᠳᠠᠳᠠᠭ ᠦᠭᠡᠢ᠃ 2 ᠴᠢᠳᠠᠭᠰᠠᠨ ᠶᠤᠮ ᠪᠣᠯ᠂ ᠮᠥᠷᠭᠥᠭᠴᠢᠳ ᠨᠢᠭᠡᠮᠦᠰᠦᠨ ᠴᠡᠪᠡᠷᠯᠡᠭᠳᠡᠵᠦ ᠭᠡᠮ ᠨᠢᠭᠦᠯ ᠦᠭᠡᠢ ᠪᠣᠯᠴᠢᠬᠠᠯ᠎ᠠ ᠭᠡᠳ ᠲᠠᠬᠢᠯ ᠡᠷᠭᠦᠬᠦ ᠪᠡᠨ ᠴᠤ ᠪᠣᠯᠢᠬᠤ ᠪᠠᠢᠭᠰᠠᠨ ᠪᠢᠰᠢ ᠤᠤ︖ 3 ᠭᠡᠪᠡᠴᠦ ᠡᠳᠡᠭᠡᠷ ᠲᠠᠬᠢᠯ ᠨᠢ ᠭᠡᠮ ᠨᠢᠭᠦᠯ ᠢ ᠨᠢ ᠵᠢᠯ ᠡᠴᠡ ᠵᠢᠯ ᠰᠠᠨᠠᠭᠤᠯᠤᠭᠰᠠᠭᠠᠷ ᠢᠷᠡᠭᠰᠡᠨ᠃ 4 ᠤᠴᠢᠷ ᠨᠢ᠂ ᠪᠤᠬ᠎ᠠ ᠪᠠ ᠢᠮᠠᠭᠠᠨ ᠤ ᠴᠢᠰᠤ ᠪᠠᠷ ᠭᠡᠮ ᠨᠢᠭᠦᠯ ᠢ ᠠᠷᠢᠯᠭᠠᠵᠤ ᠴᠢᠳᠠᠬᠤ ᠦᠭᠡᠢ᠃ 5 ᠡᠢᠮᠦ ᠡᠴᠡ ᠾᠷᠢᠰᠲ᠋ᠣᠰ ᠶᠢᠷᠲᠢᠨᠴᠦ ᠳᠦ ᠢᠷᠡᠬᠦ ᠳᠡᠭᠡᠨ ᠪᠤᠷᠬᠠᠨ ᠳᠤ᠄ 《ᠲᠠ ᠨᠢᠲᠤᠯᠬᠤ ᠲᠠᠬᠢᠯ᠂ ᠢᠳᠡᠭᠡᠨ ᠡᠷᠭᠦᠯ ᠢ ᠬᠦᠰᠡᠭᠰᠡᠨ ᠦᠭᠡᠢ ᠲᠠ ᠨᠠᠳᠠ ᠳᠤ ᠮᠢᠬᠠᠨ ᠪᠡᠶ᠎ᠡ ᠶᠢ ᠪᠡᠯᠡᠳᠬᠡᠭᠰᠡᠨ
6 ᠲᠠ ᠰᠢᠲᠠᠭᠠᠯᠭᠠᠲᠤ ᠲᠠᠬᠢᠯ ᠪᠤᠶᠤ ᠨᠢᠭᠦᠯ ᠦᠨ ᠲᠠᠬᠢᠯ ᠢ ᠲᠠᠭᠠᠯᠠᠭᠰᠠᠨ ᠦᠭᠡᠢ᠃
7 ᠲᠡᠭᠡᠲᠡᠯ᠎ᠡ ᠪᠢ᠄ 〈ᠬᠠᠷᠠᠭᠠᠴᠢ᠂ ᠪᠢ ᠢᠷᠡᠯ᠎ᠡ ᠪᠤᠷᠬᠠᠨ ᠡ᠂ ᠬᠤᠢᠯᠠᠮᠠᠯ ᠨᠣᠮ ᠳᠣᠲᠣᠷ᠎ᠠ ᠮᠢᠨᠦ ᠲᠤᠬᠠᠢ ᠪᠢᠴᠢᠭᠳᠡᠭᠰᠡᠨ ᠲᠤᠯᠠ ᠪᠢ ᠲᠠᠨ ᠤ ᠰᠠᠨᠠᠭ᠎ᠠ ᠶᠢ ᠪᠡᠶᠡᠯᠡᠭᠦᠯᠬᠦ ᠪᠡᠷ ᠢᠷᠡᠯ᠎ᠡ〉 ᠭᠡᠰᠡᠨ》 ᠬᠡᠮᠡᠪᠡ᠃
8 ᠲᠡᠷᠡ᠄ 《ᠲᠠᠬᠢᠯ ᠪᠠ ᠡᠷᠭᠦᠯ᠂ ᠰᠢᠲᠠᠭᠠᠯᠭᠠᠲᠤ ᠲᠠᠬᠢᠯ ᠪᠠ ᠨᠢᠭᠦᠯ ᠦᠨ ᠲᠠᠬᠢᠯ ᠢ ᠲᠠ ᠬᠦᠰᠡᠭᠰᠡᠨ ᠦᠭᠡᠢ᠂ ᠲᠠᠭᠠᠯᠠᠭᠰᠠᠨ ᠴᠤ ᠦᠭᠡᠢ》 ᠭᠡᠵᠦ ᠳᠡᠭᠡᠷ᠎ᠡ ᠬᠡᠯᠡᠬᠦ ᠳᠡᠭᠡᠨ (ᠡᠳᠡᠭᠡᠷ ᠢ ᠬᠠᠤᠯᠢ ᠶᠢᠨ ᠶᠣᠰᠣᠭᠠᠷ ᠡᠷᠭᠦᠳᠡᠭ ᠪᠠᠢᠭᠰᠠᠨ᠃) 9 ᠪᠠᠰᠠ᠄ 《ᠬᠠᠷᠠᠭᠠᠴᠢ᠂ ᠪᠢ ᠲᠠᠨ ᠤ ᠰᠠᠨᠠᠭ᠎ᠠ ᠶᠢ ᠪᠡᠶᠡᠯᠡᠭᠦᠯᠬᠦ ᠪᠡᠷ ᠢᠷᠡᠯ᠎ᠡ》 ᠬᠡᠮᠡᠭᠰᠡᠨ ᠪᠠᠢᠨ᠎ᠠ᠃ ᠲᠡᠷᠡ ᠬᠣᠢᠰᠢᠬᠢ ᠶᠢ ᠲᠣᠭᠲᠠᠭᠠᠬᠤ ᠶᠢᠨ ᠲᠤᠯᠠᠳᠠ ᠤᠷᠢᠳᠠᠬᠢ ᠶᠢ ᠬᠠᠶᠠᠭᠰᠠᠨ ᠶᠤᠮ᠃ 10 ᠡᠨᠡ ᠰᠠᠨᠠᠭ᠎ᠠ ᠪᠠᠷ ᠢᠰᠦ᠋ᠰ ᠾᠷᠢᠰᠲ᠋ᠣᠰ ᠪᠡᠶ᠎ᠡ ᠪᠡᠨ ᠨᠢᠭᠡ ᠯᠠ ᠤᠳᠠᠭ᠎ᠠ ᠳᠤ ᠪᠦᠷᠢᠮᠦᠰᠦᠨ ᠡᠷᠭᠦᠭᠰᠡᠨ ᠢᠶᠡᠷ ᠪᠢᠳᠡ ᠠᠷᠢᠭᠤᠳᠬᠠᠭᠳᠠᠭᠰᠠᠨ ᠶᠤᠮ᠃

11 ᠬᠠᠮᠤᠭ ᠲᠠᠬᠢᠯᠴᠢ ᠡᠳᠦᠷ ᠪᠦᠷᠢ ᠵᠣᠭᠰᠣᠭ᠎ᠠ ᠪᠠᠷ ᠦᠢᠯᠡᠴᠢᠯᠡᠵᠦ ᠨᠢᠭᠡ ᠯᠠ ᠠᠳᠠᠯᠢ ᠲᠠᠬᠢᠯ ᠢ ᠳᠠᠪᠲᠠᠨ ᠡᠷᠭᠦᠭᠰᠡᠨ ᠴᠤ ᠡᠳᠡᠭᠡᠷ ᠲᠠᠬᠢᠯ ᠨᠢ ᠶᠡᠷᠦ ᠨᠢ ᠭᠡᠮ ᠨᠢᠭᠦᠯ ᠢ ᠵᠠᠢᠯᠠᠭᠤᠯᠵᠤ ᠴᠢᠳᠠᠬᠤ ᠦᠭᠡᠢ ᠪᠠᠢᠲᠠᠯ᠎ᠠ 12 ᠾᠷᠢᠰᠲ᠋ᠣᠰ ᠨᠢᠭᠡ ᠯᠠ ᠤᠳᠠᠭ᠎ᠠ ᠨᠢᠭᠦᠯ ᠦᠨ ᠲᠥᠯᠥᠭᠡ ᠮᠥᠩᠬᠡ ᠶᠢᠨ ᠲᠠᠬᠢᠯ ᠡᠷᠭᠦᠭᠡᠳ ᠪᠤᠷᠬᠠᠨ ᠤ ᠪᠠᠷᠠᠭᠤᠨ ᠲᠠᠯ᠎ᠠ ᠳᠤ ᠰᠠᠭᠠᠲᠠᠵᠤ᠂ 13 ᠲᠡᠭᠦᠨ ᠡᠴᠡ ᠬᠣᠢᠰᠢ᠂ ᠳᠠᠢᠰᠤᠨ ᠨᠤᠭᠤᠳ ᠢ ᠨᠢ ᠬᠥᠯ ᠦᠨ ᠬᠢᠨᠢ ᠭᠢᠰᠬᠢᠭᠦᠷ ᠪᠣᠯᠭᠠᠬᠤ ᠶᠢ ᠬᠦᠯᠢᠶᠡᠵᠦ ᠪᠠᠢᠯ᠎ᠠ᠃ 14 ᠤᠴᠢᠷ ᠨᠢ᠂ ᠲᠡᠷᠡ ᠠᠷᠢᠭᠤᠳᠬᠠᠭᠳᠠᠵᠤ ᠪᠤᠢ ᠬᠥᠮᠦᠰ ᠢ ᠭᠠᠭᠴᠠᠬᠠᠨ ᠡᠷᠭᠦᠯ ᠢᠶᠡᠷ ᠮᠥᠩᠬᠡᠳᠡ ᠲᠡᠭᠦᠰ ᠪᠣᠯᠭᠠᠵᠠᠢ᠃ 15 ᠠᠷᠢᠭᠤᠨ ᠰᠦᠨᠡᠰᠦ ᠴᠤ ᠪᠢᠳᠡᠨ ᠳᠦ ᠭᠡᠷᠡᠴᠢᠯᠡᠵᠦ ᠪᠠᠢᠨ᠎ᠠ᠃

16 ᠲᠡᠷᠡ᠄ 《ᠲᠡᠷᠡ ᠡᠳᠦᠷ ᠤᠳ ᠤᠨ ᠳᠠᠷᠠᠭ᠎ᠠ ᠮᠢᠨᠦ ᠲᠡᠳᠡᠨ ᠲᠡᠢ ᠪᠠᠢᠭᠤᠯᠬᠤ ᠭᠡᠷ᠎ᠡ ᠪᠣᠯ ᠡᠨᠡ᠂ ᠡᠵᠡᠨ ᠠᠢᠯᠠᠳᠴᠤ ᠪᠠᠢᠨ᠎ᠠ᠄ ᠪᠢ ᠬᠠᠤᠯᠢ ᠪᠠᠨ ᠲᠡᠳᠡᠨ ᠦ ᠳᠣᠲᠣᠷ᠎ᠠ ᠪᠠᠢᠯᠭᠠᠨ᠂ ᠵᠢᠷᠦᠬᠡᠨ ᠳᠡᠭᠡᠷ᠎ᠡ ᠨᠢ ᠪᠢᠴᠢᠨ᠎ᠡ》
ᠬᠡᠮᠡᠭᠰᠡᠨ ᠦ ᠳᠠᠷᠠᠭ᠎ᠠ 17 ᠪᠠᠰᠠ᠄ 《ᠲᠡᠳᠡᠨ ᠦ ᠨᠢᠭᠦᠯ ᠤᠳ᠂ ᠲᠡᠳᠡᠨ ᠦ ᠬᠠᠤᠯᠢ ᠪᠤᠰᠤ ᠶᠠᠪᠤᠳᠠᠯ ᠤᠳ ᠢ ᠪᠢ ᠳᠠᠬᠢᠨ ᠬᠡᠵᠢᠶ᠎ᠡ ᠴᠤ ᠰᠠᠨᠠᠬᠤ ᠦᠭᠡᠢ》 ᠭᠡᠪᠡ᠃ 18 ᠡᠳᠡᠭᠡᠷ ᠢ ᠠᠭᠤᠴᠢᠯᠠᠴᠢᠬᠠᠭᠰᠠᠨ ᠶᠤᠮ ᠴᠢᠨᠢ ᠨᠢᠭᠦᠯ ᠦᠨ ᠡᠷᠭᠦᠯ ᠬᠡᠷᠡᠭ ᠦᠭᠡᠢ᠃

19 ᠠᠬ᠎ᠠ ᠳᠡᠭᠦᠦ ᠨᠠᠷ ᠡ᠂ ᠪᠢᠳᠡ ᠣᠳᠣ ᠢᠰᠦ᠋ᠰ ᠤᠨ ᠴᠢᠰᠤᠨ ᠤ ᠠᠴᠢ ᠪᠠᠷ ᠠᠷᠢᠭᠤᠨ ᠠᠴᠠ ᠠᠷᠢᠭᠤᠨ ᠭᠠᠵᠠᠷ ᠤᠷᠤᠭᠤ ᠣᠷᠣᠬᠤ ᠵᠣᠷᠢᠭ ᠲᠠᠢ ᠪᠣᠯᠣᠭᠰᠠᠨ ᠪᠥᠭᠡᠳ 20 (ᠢᠰᠦ᠋ᠰ ᠬᠥᠰᠢᠭᠡ᠂ ᠥᠭᠡᠷ᠎ᠡ ᠪᠡᠷ ᠬᠡᠯᠡᠪᠡᠯ᠂ ᠥᠪᠡᠷ ᠦᠨ ᠬᠢᠨᠢ ᠪᠡᠶ᠎ᠡ ᠪᠡᠷ ᠨᠡᠪᠲᠡᠷᠡᠵᠦ ᠠᠷᠢᠭᠤᠨ ᠭᠠᠵᠠᠷ ᠲᠤ ᠣᠷᠣᠬᠤ ᠰᠢᠨ᠎ᠡ᠂ ᠠᠮᠢᠳᠤ ᠵᠠᠮ ᠢ ᠪᠢᠳᠡᠨ ᠳᠦ ᠨᠡᠭᠡᠭᠡᠵᠦ ᠥᠭᠭᠥᠭᠰᠡᠨ᠃) 21 ᠮᠥᠨ ᠪᠤᠷᠬᠠᠨ ᠤ ᠭᠡᠷ ᠢ ᠵᠠᠬᠢᠷᠤᠭᠴᠢ ᠶᠡᠬᠡ ᠲᠠᠬᠢᠯᠴᠢ ᠪᠢᠳᠡᠨ ᠳᠦ ᠪᠠᠢᠳᠠᠭ ᠲᠤᠯᠠ᠂ 22 ᠪᠢᠳᠡ ᠰᠡᠳᠬᠢᠯ ᠳᠡᠭᠡᠨ ᠢᠰᠦ᠋ᠰ ᠤᠨ ᠴᠢᠰᠤ ᠶᠢ ᠰᠠᠴᠤᠭᠤᠯᠵᠤ ᠮᠠᠭᠤ ᠮᠥᠰᠥ ᠴᠢᠨᠠᠷ ᠢᠶᠠᠨ ᠴᠡᠪᠡᠷᠯᠡᠭᠦᠯᠦᠨ ᠪᠡᠶ᠎ᠡ ᠪᠡᠨ ᠤᠰᠤ ᠪᠠᠷ ᠤᠬᠢᠶᠠᠭᠰᠠᠨ ᠪᠣᠯᠬᠣᠷ ᠴᠢᠩ ᠰᠡᠳᠬᠢᠯ ᠪᠠ ᠪᠠᠲᠤ ᠢᠲᠡᠭᠡᠯ ᠲᠡᠢ ᠪᠠᠷ ᠪᠤᠷᠬᠠᠨ ᠳᠤ ᠣᠢᠷᠠᠲᠤᠵᠠᠭᠠᠶ᠎ᠠ᠃ 23 ᠪᠠᠰᠠ ᠠᠮᠠᠯᠠᠭᠰᠠᠨ ᠲᠡᠷᠡ ᠪᠡᠷ ᠢᠲᠡᠭᠡᠮᠵᠢᠲᠡᠢ ᠪᠠᠢᠳᠠᠭ ᠲᠤᠯᠠ ᠵᠥᠪᠰᠢᠶᠡᠷᠡᠳᠡᠭ ᠡᠷᠡᠮᠡᠯᠵᠡᠯ ᠢᠶᠡᠨ ᠭᠤᠢᠪᠢᠰᠢ ᠦᠭᠡᠢ ᠪᠠᠷᠢᠮᠲᠠᠯᠠᠵᠠᠭᠠᠶ᠎ᠠ᠃ 24 ᠪᠢᠳᠡ ᠪᠠᠰᠠ ᠬᠠᠷᠢᠯᠴᠠᠨ ᠰᠠᠨᠠᠭ᠎ᠠ ᠲᠠᠯᠪᠢᠵᠤ᠂ ᠬᠠᠢᠷ᠎ᠠ ᠪᠣᠯᠣᠨ ᠰᠠᠢᠨ ᠦᠢᠯᠡᠰ ᠢ ᠪᠠᠳᠠᠷᠠᠭᠤᠯᠤᠨ 25 ᠵᠠᠷᠢᠮ ᠬᠥᠮᠦᠨ ᠦ ᠴᠢᠭᠤᠯᠭᠠᠨ ᠢᠶᠠᠨ ᠬᠠᠶᠠᠳᠠᠭ ᠵᠤᠷᠰᠢᠯ ᠢ ᠦᠯᠦ ᠳᠠᠭᠠᠵᠤ ᠬᠠᠷᠢᠯᠴᠠᠨ ᠤᠷᠮᠠᠰᠢᠭᠤᠯᠵᠠᠭᠠᠶ᠎ᠠ᠃ ᠲᠡᠷᠡ ᠡᠳᠦᠷ ᠣᠢᠷᠠᠲᠤᠬᠤ ᠶᠢ ᠬᠠᠷᠠᠬᠤ ᠲᠤᠲᠤᠮ ᠢᠶᠠᠨ ᠨᠡᠩ ᠲᠡᠭᠡᠵᠡᠭᠡᠶ᠎ᠡ᠃
 ᠳᠥᠷᠪᠡᠳᠦᠭᠡᠷ ᠰᠠᠨᠠᠭᠤᠯᠭ᠎ᠠ — ᠤᠬᠤᠷᠢᠯᠲᠠ ᠳᠤ (4)

26 ᠤᠴᠢᠷ ᠨᠢ ᠦᠨᠡᠨ ᠦ ᠮᠡᠳᠡᠯᠭᠡ ᠶᠢ ᠬᠦᠯᠢᠶᠡᠭᠰᠡᠨ ᠦ ᠳᠠᠷᠠᠭ᠎ᠠ᠂ ᠵᠣᠷᠢᠭᠤᠳᠠ ᠨᠢᠭᠦᠯ ᠦᠢᠯᠡᠳᠦᠭᠰᠡᠭᠡᠷ ᠪᠠᠢᠪᠠᠯ ᠡᠭᠦᠨ ᠦ ᠲᠥᠯᠥᠭᠡ ᠨᠢᠭᠦᠯ ᠦᠨ ᠲᠠᠬᠢᠯ ᠭᠡᠵᠦ ᠦᠯᠡᠳᠡᠬᠦ ᠦᠭᠡᠢ᠂ 27 ᠬᠠᠷᠢᠨ ᠠᠶᠤᠮᠰᠢᠭᠲᠤ ᠰᠢᠳᠬᠡᠯ ᠪᠠ ᠳᠠᠢᠰᠤᠨ ᠨᠤᠭᠤᠳ ᠢ ᠵᠠᠯᠭᠢᠬᠤ ᠭᠠᠯ ᠯᠠ ᠦᠯᠡᠳᠡᠨ᠎ᠡ᠃ 28 ᠮᠣᠰᠧ ᠶᠢᠨ ᠬᠠᠤᠯᠢ ᠶᠢ ᠣᠭᠣᠷᠣᠭᠰᠠᠨ ᠬᠥᠮᠦᠨ ᠴᠤ ᠬᠣᠶᠠᠷ ᠪᠤᠶᠤ ᠭᠤᠷᠪᠠᠨ ᠭᠡᠷᠡᠴᠢᠯᠡᠭᠴᠢ ᠪᠠᠢᠪᠠᠯ ᠥᠷᠥᠰᠢᠶᠡᠭᠳᠡᠬᠦ ᠦᠭᠡᠢ ᠪᠠᠷ ᠦᠬᠦᠳᠡᠭ᠃ 29 ᠲᠡᠢᠮᠦ ᠡᠴᠡ ᠪᠤᠷᠬᠠᠨ ᠤ ᠬᠦᠦ ᠶᠢ ᠭᠢᠰᠬᠢᠵᠦ᠂ ᠥᠪᠡᠷ ᠢ ᠨᠢ ᠠᠷᠢᠭᠤᠳᠬᠠᠭᠰᠠᠨ ᠭᠡᠷ᠎ᠡ ᠶᠢᠨ ᠴᠢᠰᠤ ᠶᠢ ᠠᠷᠢᠭᠤᠨ ᠪᠤᠰᠤ ᠭᠡᠵᠦ ᠦᠵᠡᠨ ᠢᠪᠡᠭᠡᠯ ᠦᠨ ᠠᠷᠢᠭᠤᠨ ᠰᠦᠨᠡᠰᠦ ᠶᠢ ᠳᠣᠷᠣᠮᠵᠢᠯᠠᠭᠰᠠᠨ ᠬᠥᠮᠦᠨ ᠬᠡᠴᠢᠨᠡᠨ ᠢᠯᠡᠭᠦᠦ ᠬᠦᠨᠳᠦ ᠰᠢᠳᠬᠡᠭᠳᠡᠪᠡᠯ ᠵᠣᠬᠢᠬᠤ ᠶᠢ ᠪᠣᠳᠣ᠃ 30 《ᠥᠰᠢᠶ᠎ᠡ ᠠᠪᠤᠯᠲᠠ ᠨᠢ ᠮᠢᠨᠦᠬᠢ᠂ ᠪᠢ ᠬᠠᠷᠢᠭᠤᠯᠤᠶ᠎ᠠ》 ᠬᠡᠮᠡᠨ᠂ ᠪᠠᠰᠠ 《ᠡᠵᠡᠨ ᠠᠷᠠᠳ ᠲᠦᠮᠡᠨ ᠢᠶᠡᠨ ᠰᠢᠭᠦᠨ᠎ᠡ》 ᠭᠡᠵᠦ ᠬᠡᠨ ᠠᠢᠯᠠᠳᠤᠭᠰᠠᠨ ᠢ ᠪᠢᠳᠡ ᠮᠡᠳᠡᠨ᠎ᠡ᠃ 31 ᠠᠮᠢᠳᠤ ᠪᠤᠷᠬᠠᠨ ᠤ ᠮᠤᠲᠤᠷ ᠲᠤ ᠥᠷᠲᠥᠭᠳᠡᠬᠦ ᠨᠢ ᠠᠶᠤᠮᠰᠢᠭᠲᠠᠢ᠃

32 ᠲᠠ ᠨᠠᠷ ᠭᠡᠷᠡᠯᠲᠦᠭᠦᠯᠦᠭᠳᠡᠭᠰᠡᠨ ᠦ ᠪᠠᠨ ᠳᠠᠷᠠᠭ᠎ᠠ᠂ ᠣᠯᠠᠨ ᠵᠣᠪᠠᠯᠠᠩ ᠯᠤᠭ᠎ᠠ ᠶᠡᠬᠡᠳᠡ ᠲᠤᠯᠤᠯᠳᠤᠵᠤ ᠪᠠᠢᠭᠰᠠᠨ ᠡᠮᠦᠨᠡᠬᠢ ᠦᠶ᠎ᠡ ᠪᠡᠨ ᠰᠠᠨᠠᠭᠲᠤᠨ᠃ 33 ᠲᠠ ᠨᠠᠷ ᠬᠠᠶᠠ ᠬᠠᠷᠢᠶᠠᠭᠳᠠᠨ ᠬᠠᠪᠴᠢᠭᠳᠠᠵᠤ ᠣᠯᠠᠨ ᠤ ᠰᠢᠪᠰᠢᠭ ᠪᠣᠯᠣᠭᠰᠠᠨ᠂ ᠬᠠᠶᠠ ᠲᠡᠷᠡ ᠬᠦ ᠪᠠᠢᠳᠠᠯ ᠳᠤ ᠣᠷᠣᠭᠰᠠᠨ ᠬᠥᠮᠦᠰ ᠦᠨ ᠬᠠᠨᠢᠲᠠᠨ ᠪᠣᠯᠳᠠᠭ ᠪᠠᠢᠭᠰᠠᠨ᠃ 34 ᠲᠠ ᠨᠠᠷ ᠬᠣᠷᠢᠭᠳᠠᠭᠰᠠᠳ ᠢ ᠥᠷᠥ ᠡᠪᠡᠳᠴᠦ᠂ ᠡᠳ᠋ ᠬᠥᠷᠥᠩᠭᠡ ᠪᠡᠨ ᠪᠤᠯᠢᠶᠠᠭᠳᠠᠭᠰᠠᠨ ᠴᠤ ᠨᠡᠩ ᠰᠠᠢᠨ ᠮᠥᠩᠬᠡᠷᠡᠬᠦ ᠡᠳ᠋ ᠬᠥᠷᠥᠩᠭᠡ ᠪᠡᠶ᠎ᠡ ᠳᠡᠭᠡᠨ ᠪᠠᠢᠬᠤ ᠶᠢ ᠮᠡᠳᠡᠭᠡᠳ ᠪᠠᠶᠠᠷ ᠲᠠᠢ ᠪᠠᠷ ᠬᠦᠯᠢᠶᠡᠭᠰᠡᠨ ᠪᠢᠯᠡ᠃ 35 ᠲᠡᠢᠮᠦ ᠡᠴᠡ ᠠᠭᠤᠤ ᠱᠠᠩᠨᠠᠯ ᠪᠦᠬᠦᠢ ᠢᠲᠡᠭᠡᠯ ᠢᠶᠡᠨ ᠪᠦᠦ ᠬᠠᠶᠠ᠃ 36 ᠪᠤᠷᠬᠠᠨ ᠤ ᠰᠠᠨᠠᠭ᠎ᠠ ᠶᠢ ᠪᠡᠶᠡᠯᠡᠭᠦᠯᠵᠦ ᠲᠡᠭᠦᠨ ᠦ ᠠᠮᠠᠯᠠᠭᠰᠠᠨ ᠢ ᠠᠪᠤᠶ᠎ᠠ ᠭᠡᠪᠡᠯ ᠲᠠ ᠨᠠᠷ ᠲᠡᠰᠪᠦᠷᠢᠯᠡᠬᠦ ᠬᠡᠷᠡᠭᠲᠡᠢ᠃
37 《ᠤᠴᠢᠷ ᠨᠢ᠂ ᠵᠢᠭᠠᠬᠠᠨ ᠪᠠᠢᠵᠤ ᠪᠠᠢᠪᠠᠯ ᠢᠷᠡᠬᠦ ᠶᠣᠰᠣᠲᠠᠢ ᠲᠡᠷᠡ ᠢᠷᠡᠨ᠎ᠡ ᠲᠡᠷᠡ ᠬᠣᠢᠰᠢᠯᠠᠬᠤ ᠦᠭᠡᠢ
38 ᠵᠥᠪᠲᠦ ᠬᠥᠮᠦᠨ ᠮᠢᠨᠢ ᠢᠲᠡᠭᠡᠯ ᠢᠶᠡᠷ ᠠᠮᠢᠳᠤᠷᠠᠨ᠎ᠠ ᠭᠡᠬᠦ ᠳᠡᠭᠡᠨ᠂ ᠤᠬᠤᠷᠢᠪᠠᠯ ᠰᠡᠳᠬᠢᠯ ᠳᠤ ᠮᠢᠨᠢ ᠲᠠᠭᠠᠯᠠᠭᠳᠠᠬᠤ ᠦᠭᠡᠢ᠃》
39 ᠪᠢᠳᠡ ᠪᠣᠯ ᠤᠬᠤᠷᠢᠭᠠᠳ ᠰᠦᠢᠷᠡᠯ ᠳᠦ ᠬᠦᠷᠦᠭᠰᠡᠳ ᠪᠢᠰᠢ᠂ ᠬᠠᠷᠢᠨ ᠢᠲᠡᠭᠡᠭᠡᠳ ᠰᠦᠨᠡᠰᠦᠨ ᠦ ᠠᠪᠤᠷᠠᠯ ᠳᠤ ᠬᠦᠷᠦᠭᠰᠡᠳ ᠶᠤᠮ᠃