ᠢᠪᠷᠠᠢ ᠠᠷᠪᠠᠨ ᠭᠤᠷᠪᠠ
ᠠᠮᠢᠳᠤᠷᠠᠯ ᠤᠨ ᠵᠢᠭᠠᠪᠤᠷᠢ ᠨᠤᠭᠤᠳ
1 ᠠᠬ᠎ᠠ ᠳᠡᠭᠦᠦᠰ ᠦᠨ ᠬᠠᠢᠷ᠎ᠠ ᠦᠷᠭᠦᠯᠵᠢ ᠪᠠᠢᠬᠤ ᠪᠣᠯᠲᠤᠭᠠᠢ᠃ 2 ᠬᠥᠮᠦᠨ ᠢ ᠵᠣᠴᠢᠯᠠᠬᠤ ᠪᠠᠨ ᠪᠦᠦ ᠮᠠᠷᠲᠠᠭᠠᠷᠠᠢ᠂ ᠵᠣᠴᠢᠯᠠᠵᠤ ᠪᠠᠢᠬᠤ ᠳᠠᠭᠠᠨ ᠰᠠᠨᠠᠮᠰᠠᠷ ᠦᠭᠡᠢ ᠪᠠᠷ ᠲᠩᠷᠢ ᠡᠯᠴᠢᠳ ᠢ ᠬᠦᠯᠢᠶᠡᠨ ᠠᠪᠤᠭᠰᠠᠨ ᠬᠥᠮᠦᠰ ᠴᠤ ᠪᠠᠢᠳᠠᠭ᠃ 3 ᠲᠠ ᠨᠠᠷ ᠬᠠᠮᠲᠤ ᠬᠣᠷᠢᠭᠳᠠᠭᠰᠠᠨ ᠰᠢᠭ᠋ ᠬᠣᠷᠢᠭᠳᠠᠯ ᠤᠳ ᠢ ᠰᠠᠨᠠ᠂ ᠲᠠ ᠨᠠᠷ ᠪᠠᠰᠠ ᠮᠢᠬᠠᠨ ᠪᠡᠶ᠎ᠡ ᠳᠣᠲᠣᠷ᠎ᠠ ᠪᠠᠢᠭ᠎ᠠ ᠪᠠᠨ ᠪᠣᠳᠣᠨ᠂ ᠲᠠᠷᠴᠢᠯᠠᠭᠠᠭᠳᠠᠵᠤ ᠪᠠᠢᠭ᠎ᠠ ᠬᠥᠮᠦᠰ ᠢ ᠰᠠᠨᠠᠭᠲᠤᠨ᠃ 4 ᠬᠥᠮᠦᠨ ᠪᠣᠯᠭᠠᠨ ᠭᠡᠷᠯᠡᠯᠲᠡ ᠶᠢ ᠬᠦᠨᠳᠦᠯᠡᠨ ᠣᠷᠣ 8 ᠪᠠᠨ ᠪᠦᠦ ᠪᠤᠵᠠᠷᠯᠠ 9 ᠃ ᠤᠴᠢᠷ ᠨᠢ᠂ ᠰᠠᠳᠤᠷᠯᠠᠭᠴᠢᠳ ᠪᠠ ᠵᠠᠪᠬᠠᠢᠷᠠᠭᠴᠢᠳ ᠢ ᠪᠤᠷᠬᠠᠨ ᠰᠢᠳᠬᠡᠨ᠎ᠡ᠃ 5 ᠪᠠᠢᠭ᠎ᠠ ᠪᠦᠬᠦᠨ ᠳᠡᠭᠡᠨ ᠰᠡᠳᠬᠢᠯ ᠬᠠᠩ᠋ᠭᠠᠯᠤᠭᠤᠨ ᠪᠠᠢᠵᠤ᠂ ᠵᠣᠭᠣᠰᠣᠨ ᠳᠤ ᠰᠢᠨᠤᠬᠤ ᠦᠭᠡᠢ ᠪᠠᠷ ᠠᠮᠢᠳᠤᠷᠠ᠃ ᠤᠴᠢᠷ ᠨᠢ᠂ ᠪᠤᠷᠬᠠᠨ᠄ 《ᠲᠡᠷᠡ ᠬᠡᠷᠬᠢᠪᠡᠴᠦ ᠴᠢᠮᠠᠶᠢ ᠣᠷᠬᠢᠬᠤ ᠦᠭᠡᠢ᠂ ᠮᠥᠨ ᠴᠢᠮᠠᠶᠢ ᠬᠠᠶᠠᠬᠤ ᠦᠭᠡᠢ》 ᠭᠡᠰᠡᠨ ᠪᠠᠢᠳᠠᠭ᠃ 6 ᠲᠡᠢᠮᠦ ᠳᠦ ᠪᠢᠳᠡ ᠵᠣᠷᠢᠭᠲᠠᠢ ᠪᠠᠷ᠄ 《ᠡᠵᠡᠨ ᠪᠣᠯ ᠮᠢᠨᠦ ᠲᠤᠰᠠᠯᠠᠭᠴᠢ ᠪᠢ ᠠᠶᠤᠬᠤ ᠦᠭᠡᠢ ᠬᠥᠮᠦᠨ ᠨᠠᠮᠠᠶᠢ ᠶᠠᠭᠠᠬᠢᠬᠤ ᠶᠤᠮ ᠪᠤᠢ︖》 ᠭᠡᠵᠦ ᠬᠡᠯᠡᠨ᠎ᠡ᠃
7 ᠪᠤᠷᠬᠠᠨ ᠤ ᠦᠭᠡ ᠶᠢ ᠶᠠᠷᠢᠵᠤ ᠥᠭᠭᠥᠭᠰᠡᠨ ᠤᠳᠤᠷᠢᠳᠤᠭᠴᠢᠳ ᠢᠶᠠᠨ ᠰᠠᠨᠠᠭᠲᠤᠨ᠂ ᠲᠡᠳᠡᠨ ᠦ ᠠᠮᠢᠳᠤᠷᠠᠯ ᠤᠨ ᠦᠷ᠎ᠡ ᠳ᠋ᠦᠩ ᠶᠠᠮᠠᠷ ᠪᠠᠢᠭᠰᠠᠨ ᠢ ᠲᠤᠩ᠋ᠭᠠᠵᠤ ᠢᠲᠡᠭᠡᠯ ᠢ ᠨᠢ ᠳᠠᠭᠤᠷᠢᠶᠠᠭᠠᠷᠠᠢ᠃ 8 ᠢᠰᠦ᠋ᠰ ᠾᠷᠢᠰᠲ᠋ᠣᠰ ᠥᠴᠥᠭᠡᠳᠦᠷ ᠴᠤ᠂ ᠥᠨᠥᠳᠥᠷ ᠴᠤ᠂ ᠥᠨᠢ ᠮᠥᠩᠬᠡᠳᠡ ᠠᠳᠠᠯᠢᠬᠠᠨ ᠪᠠᠢᠳᠠᠭ᠃ 9 ᠲᠠ ᠨᠠᠷ ᠡᠯᠳᠡᠪ ᠬᠠᠴᠢᠨ ᠰᠤᠷᠭᠠᠯ ᠳᠤ ᠪᠦᠦ ᠲᠠᠲᠠᠭᠳᠠ᠃ ᠢᠪᠡᠭᠡᠯ ᠢᠶᠡᠷ ᠰᠡᠳᠬᠢᠯ ᠢᠶᠠᠨ ᠴᠢᠩ᠋ᠭᠠᠯᠠᠬᠤ ᠨᠢ ᠰᠠᠢᠨ᠂ ᠬᠠᠷᠢᠨ ᠢᠳᠡᠭᠡᠨ ᠦ ᠲᠣᠭᠲᠠᠭᠠᠯ ᠤᠳ ᠢ ᠰᠠᠬᠢᠬᠤ ᠨᠢ ᠰᠠᠢᠨ ᠪᠢᠰᠢ᠂ ᠲᠡᠳᠡᠭᠡᠷ ᠢ ᠮᠥᠷᠳᠡᠭᠴᠢᠳ ᠠᠴᠢ ᠲᠤᠰᠠ ᠬᠦᠷᠲᠡᠭᠰᠡᠨ ᠦᠭᠡᠢ᠃ 10 ᠪᠢᠳᠡᠨ ᠳᠦ ᠲᠠᠬᠢᠯ ᠤᠨ ᠰᠢᠷᠡᠭᠡ ᠪᠤᠢ᠃ ᠲᠡᠷᠡ ᠰᠢᠷᠡᠭᠡᠨ ᠡᠴᠡ ᠢᠳᠡᠬᠦ ᠡᠷᠬᠡ ᠴᠠᠴᠠᠷ ᠲᠤ ᠦᠢᠯᠡᠴᠢᠯᠡᠭᠴᠢᠳ ᠲᠤ ᠪᠠᠢᠬᠤ ᠦᠭᠡᠢ᠃ 11 ᠲᠡᠷᠢᠭᠦᠨ ᠲᠠᠬᠢᠯᠴᠢ ᠠᠮᠢᠲᠠᠳ ᠤᠨ ᠴᠢᠰᠤ ᠪᠠᠷ ᠨᠢᠭᠦᠯ ᠦᠨ ᠡᠷᠭᠦᠯ ᠡᠷᠭᠦᠬᠦ ᠶᠢᠨ ᠲᠤᠯᠠᠳᠠ ᠠᠷᠢᠭᠤᠨ ᠭᠠᠵᠠᠷ ᠲᠤ ᠣᠷᠣᠵᠤ᠂ ᠠᠮᠢᠲᠠᠳ ᠤᠨ ᠪᠡᠶ᠎ᠡ ᠶᠢ ᠨᠢ ᠬᠤᠸᠠᠷᠠᠨ ᠤ ᠭᠠᠳᠠᠨ᠎ᠠ ᠰᠢᠲᠠᠭᠠᠳᠠᠭ᠃ 12 ᠲᠡᠢᠮᠦ ᠡᠴᠡ ᠢᠰᠦ᠋ᠰ ᠴᠤ ᠥᠪᠡᠷ ᠦᠨ ᠢᠶᠠᠨ ᠴᠢᠰᠤ ᠪᠠᠷ ᠠᠷᠠᠳ ᠢ ᠠᠷᠢᠭᠤᠰᠬᠠᠬᠤ ᠶᠢᠨ ᠲᠤᠯᠠᠳᠠ ᠬᠣᠲᠠ ᠶᠢᠨ ᠬᠠᠭᠠᠯᠭᠠᠨ ᠤ ᠭᠠᠳᠠᠨ᠎ᠠ ᠵᠣᠪᠠᠯᠠᠩ ᠡᠳ᠋ᠯᠡᠭᠰᠡᠨ ᠪᠢᠯᠡ᠃ 13 ᠡᠭᠦᠨᠴᠢᠯᠡᠨ ᠪᠢᠳᠡ ᠪᠠᠭᠤᠳᠠᠯ ᠠᠴᠠ ᠭᠠᠷᠴᠤ ᠲᠡᠭᠦᠨ ᠤᠷᠤᠭᠤ ᠣᠴᠢᠭᠠᠳ ᠲᠡᠭᠦᠨ ᠦ ᠡᠳ᠋ᠯᠡᠭᠰᠡᠨ ᠳᠣᠷᠣᠮᠵᠢᠯᠠᠯ ᠢ ᠡᠭᠦᠷᠴᠡᠭᠡᠶᠡ᠃ 14 ᠤᠴᠢᠷ ᠨᠢ᠂ ᠮᠥᠩᠬᠡᠷᠡᠬᠦ ᠬᠣᠲᠠ ᠡ᠊ᠨᠳᠡ ᠪᠠᠢᠬᠤ ᠦᠭᠡᠢ᠂ ᠬᠣᠵᠢᠮ ᠢᠷᠡᠬᠦ ᠬᠣᠲᠠ ᠶᠢ ᠪᠢᠳᠡ ᠡᠷᠢᠵᠦ ᠪᠠᠢᠨ᠎ᠠ᠃ 15 ᠡᠢᠮᠦ ᠡᠴᠡ ᠪᠢᠳᠡ ᠢᠰᠦ᠋ᠰ ᠢᠶᠠᠷ ᠳᠠᠮᠵᠢᠭᠤᠯᠤᠨ ᠮᠠᠭᠲᠠᠭᠠᠯ ᠤᠨ ᠲᠠᠬᠢᠯ ᠢ ᠪᠤᠷᠬᠠᠨ ᠳᠤ ᠦᠷᠭᠦᠯᠵᠢ ᠡᠷᠭᠦᠵᠡᠭᠡᠶ᠎ᠡ᠃ ᠡᠨᠡ ᠪᠣᠯ ᠲᠡᠭᠦᠨ ᠦ ᠨᠡᠷ᠎ᠡ ᠳᠦ ᠲᠠᠯᠠᠷᠬᠠᠯ ᠢᠯᠡᠷᠬᠡᠶᠢᠯᠡᠬᠦ ᠪᠢᠳᠡᠨ ᠦ ᠣᠷᠣᠭᠤᠯ ᠤᠨ ᠵᠢᠮᠢᠰ ᠮᠥᠨ᠃ 16 ᠲᠠ ᠨᠠᠷ ᠰᠠᠢᠨ ᠢ ᠦᠢᠯᠡᠳᠬᠦ ᠪᠠ ᠶᠠᠭᠤᠮ᠎ᠠ ᠪᠠᠨ ᠬᠤᠪᠢᠶᠠᠯᠴᠠᠬᠤ ᠶᠢ ᠪᠦᠦ ᠮᠠᠷᠲᠠᠭᠠᠷᠠᠢ᠃ ᠡᠢᠮᠦ ᠲᠠᠬᠢᠯ ᠪᠤᠷᠬᠠᠨ ᠳᠤ ᠲᠠᠭᠠᠯᠠᠭᠳᠠᠳᠠᠭ᠃
17 ᠤᠳᠤᠷᠢᠳᠤᠭᠴᠢᠳ ᠢᠶᠠᠨ ᠳᠠᠭᠠᠵᠤ ᠲᠡᠳᠡᠨ ᠳᠦ ᠵᠠᠬᠢᠷᠤᠭᠳᠠ᠃ ᠦᠨᠡᠨ ᠳᠡᠭᠡᠨ ᠲᠡᠳᠡ ᠥᠴᠢᠭ ᠥᠭᠬᠦ ᠶᠣᠰᠣᠲᠠᠢ ᠬᠥᠮᠦᠨ ᠮᠡᠲᠦ ᠲᠠ ᠨᠠᠷ ᠤᠨ ᠰᠦᠨᠡᠰᠦ ᠶᠢ ᠠᠩ᠋ᠬᠠᠷᠤᠯ ᠲᠠᠢ ᠮᠠᠨᠠᠵᠤ ᠪᠠᠢᠳᠠᠭ᠃ ᠲᠡᠳᠡ ᠠᠵᠢᠯ ᠢᠶᠠᠨ ᠰᠡᠭᠦᠷᠡᠰᠦ ᠠᠯᠳᠠᠨ ᠬᠢᠬᠦ ᠪᠤᠰᠤ᠂ ᠪᠠᠶᠠᠷ ᠲᠠᠢ ᠪᠠᠷ ᠬᠢᠬᠦ ᠪᠣᠯᠲᠤᠭᠠᠢ᠂ ᠡᠰᠡ ᠲᠡᠭᠡᠪᠡᠯ ᠲᠠ ᠨᠠᠷ ᠲᠤ ᠠᠰᠢᠭ ᠦᠭᠡᠢ᠃
18 ᠪᠢᠳᠡᠨ ᠦ ᠲᠥᠯᠥᠭᠡ ᠳᠠᠭᠠᠳᠬᠠᠭᠲᠤᠨ᠃ ᠤᠴᠢᠷ ᠨᠢ᠂ ᠪᠢᠳᠡ ᠮᠥᠰᠥ ᠴᠢᠨᠠᠷ ᠰᠠᠢᠲᠠᠢ ᠭᠡᠳᠡᠭ ᠲᠡᠭᠡᠨ ᠢᠲᠡᠭᠡᠳᠡᠭ ᠪᠥᠭᠡᠳ ᠪᠦᠬᠦ ᠲᠠᠯ᠎ᠠ ᠪᠠᠷ ᠵᠥᠪ ᠠᠮᠢᠳᠤᠷᠠᠬᠤ ᠳᠤᠷᠠᠲᠠᠢ᠃ 19 ᠢᠯᠠᠩ᠋ᠭᠤᠶ᠎ᠠ ᠲᠠ ᠨᠠᠷ ᠤᠷᠤᠭᠤ ᠲᠦᠷᠭᠡᠨ ᠣᠴᠢᠬᠤ ᠶᠢᠨ ᠮᠢᠨᠢ ᠲᠤᠯᠠᠳᠠ ᠭᠤᠶᠤᠵᠤ ᠥᠭᠬᠦ ᠶᠢ ᠪᠢ ᠤᠷᠢᠶᠠᠯᠠᠵᠤ ᠪᠠᠢᠨ᠎ᠠ᠃
20 ᠬᠣᠨᠢᠳ ᠤᠨ ᠶᠡᠬᠡ ᠬᠣᠨᠢᠴᠢᠨ᠂ ᠲᠤᠬᠠᠢᠯᠠᠪᠠᠯ ᠪᠢᠳᠡᠨ ᠦ ᠡᠵᠡᠨ ᠢᠰᠦ᠋ᠰ ᠢ ᠦᠬᠦᠭᠰᠡᠳ ᠦᠨ ᠳᠤᠮᠳᠠ ᠠᠴᠠ ᠮᠥᠩᠬᠡ ᠶᠢᠨ ᠭᠡᠷ᠎ᠡ ᠶᠢᠨ ᠴᠢᠰᠤ ᠪᠠᠷ ᠭᠠᠷᠭᠠᠵᠤ ᠠᠪᠤᠭᠰᠠᠨ ᠠᠮᠤᠭᠤᠯᠠᠩ ᠤᠨ ᠪᠤᠷᠬᠠᠨ 21 ᠠᠯᠢᠪᠠ ᠰᠠᠢᠨ ᠰᠠᠢᠬᠠᠨ ᠢᠶᠠᠷ ᠲᠠ ᠨᠠᠷ ᠢ ᠲᠡᠭᠦᠯᠳᠡᠷᠵᠢᠭᠦᠯᠦᠨ ᠥᠪᠡᠷ ᠦᠨ ᠢᠶᠠᠨ ᠰᠠᠨᠠᠭ᠎ᠠ ᠶᠢ ᠭᠦᠢᠴᠡᠳᠬᠡᠭᠦᠯᠵᠦ᠂ ᠢᠰᠦ᠋ᠰ ᠾᠷᠢᠰᠲ᠋ᠣᠰ ᠢᠶᠠᠷ ᠳᠠᠮᠵᠢᠭᠤᠯᠤᠨ ᠪᠢᠳᠡᠨ ᠦ ᠳᠣᠲᠣᠷ᠎ᠠ ᠲᠠᠭᠠᠯᠠᠯ ᠢᠶᠠᠨ ᠪᠡᠶᠡᠯᠡᠭᠦᠯᠬᠦ ᠪᠣᠯᠲᠤᠭᠠᠢ᠃ ᠠᠯᠳᠠᠷ ᠰᠤᠤ ᠥᠨᠢ ᠡᠭᠦᠷᠢᠳᠡ ᠢᠰᠦ᠋ᠰ ᠾᠷᠢᠰᠲ᠋ᠣᠰ ᠤᠨ ᠬᠢ ᠪᠣᠯᠲᠤᠭᠠᠢ᠂ ᠠᠮᠧᠨ᠃
22 ᠠᠬ᠎ᠠ ᠳᠡᠭᠦᠦ ᠨᠠᠷ ᠡ᠂ ᠲᠠ ᠨᠠᠷ ᠢ ᠢᠳᠬᠠᠶ᠎ᠠ᠂ ᠢᠳᠬᠠᠯ ᠢ ᠮᠢᠨᠢ ᠲᠡᠪᠴᠢᠶᠡᠷᠢ ᠲᠠᠢ ᠠᠪᠤᠭᠠᠷᠠᠢ᠃ ᠲᠠ ᠨᠠᠷ ᠲᠤ ᠪᠢ ᠲᠣᠪᠴᠢᠬᠠᠨ ᠪᠢᠴᠢᠯ᠎ᠡ᠃ 23 ᠪᠢᠳᠡᠨ ᠦ ᠳᠡᠭᠦᠦ ᠲᠢᠮᠣᠲ ᠤᠨ ᠰᠤᠯᠠᠯᠠᠭᠳᠠᠭᠰᠠᠨ ᠢ ᠲᠠ ᠨᠠᠷ ᠲᠤ ᠮᠡᠳᠡᠭᠳᠡᠶ᠎ᠡ᠃ ᠬᠡᠷᠪᠡ ᠲᠡᠷᠡ ᠤᠳᠠᠬᠤ ᠦᠭᠡᠢ ᠨᠠᠰᠢ ᠢᠷᠡᠪᠡᠯ᠂ ᠪᠢ ᠲᠡᠭᠦᠨ ᠲᠡᠢ ᠬᠠᠮᠲᠤ ᠲᠠ ᠨᠠᠷ ᠲᠠᠢ ᠠᠭᠤᠯᠵᠠᠬᠤ ᠪᠠᠷ ᠣᠴᠢᠨ᠎ᠠ᠃ 24 ᠪᠦᠬᠦ ᠤᠳᠤᠷᠢᠳᠤᠭᠴᠢ ᠪᠠ ᠠᠷᠢᠭᠤᠨ ᠬᠥᠮᠦᠰ ᠲᠡᠢ ᠮᠡᠨᠳᠦᠴᠢᠯᠡᠭᠡᠷᠡᠢ᠃ ᠢᠲ᠋ᠠᠯᠢ ᠡᠴᠡ ᠢᠷᠡᠭᠰᠡᠨ ᠬᠥᠮᠦᠰ ᠲᠠ ᠨᠠᠷ ᠤᠨ ᠠᠮᠤᠷ ᠢ ᠠᠰᠠᠭᠤᠵᠤ ᠪᠠᠢᠨ᠎ᠠ᠃ 25 ᠢᠪᠡᠭᠡᠯ ᠲᠠ ᠪᠦᠬᠦᠨ ᠲᠡᠢ ᠬᠠᠮᠲᠤ ᠪᠠᠢᠬᠤ ᠪᠣᠯᠲᠤᠭᠠᠢ᠃