1 2 3 4 5 6 7 8 9 10 11 12 13


ᠢᠪᠷᠠᠢ ᠬᠣᠶᠠᠷ
 ᠠᠩ᠋ᠬᠠᠨ ᠤ ᠰᠠᠨᠠᠭᠤᠯᠭ᠎ᠠ — ᠲᠣᠭᠣᠮᠰᠠᠷ ᠦᠭᠡᠢ ᠳᠦ (1)

1 ᠲᠡᠢᠮᠦ ᠡᠴᠡ ᠪᠢᠳᠡ ᠵᠠᠢᠳᠠᠭᠤᠵᠠᠢ ᠭᠡᠵᠦ᠂ ᠰᠣᠨᠣᠰᠣᠭᠰᠠᠨ ᠵᠦᠢᠯᠡᠰ ᠢᠶᠡᠨ ᠤᠯᠠᠮ ᠶᠡᠬᠡ ᠠᠩ᠋ᠬᠠᠷᠬᠤ ᠶᠣᠰᠣᠲᠠᠢ᠃ 2 ᠲᠩᠷᠢ ᠡᠯᠴᠢ ᠪᠠᠷ ᠳᠠᠮᠵᠢᠭᠤᠯᠵᠤ ᠶᠠᠷᠢᠭᠰᠠᠨ ᠦᠭᠡ ᠴᠤ ᠪᠠᠲᠤᠲᠠᠢ ᠪᠥᠭᠡᠳ ᠵᠥᠷᠢᠴᠡᠭᠰᠡᠨ ᠳᠤᠭᠤᠯᠭᠠᠪᠤᠷᠢ ᠦᠭᠡᠢ ᠬᠡᠷᠡᠭ ᠪᠦᠷᠢ ᠳᠤ ᠭᠣᠣᠯᠴᠢ ᠬᠠᠷᠢᠭᠤ ᠶᠢ ᠠᠮᠰᠠᠭᠤᠯᠤᠭᠰᠠᠨ ᠪᠠᠢᠬᠤ ᠳᠤ᠂ 3 ᠲᠡᠢᠮᠦ ᠠᠭᠤᠤ ᠶᠡᠬᠡ ᠠᠪᠤᠷᠠᠯ ᠢ ᠬᠥᠩᠭᠡᠪᠴᠢᠯᠡᠪᠡᠯ᠂ ᠪᠢᠳᠡ ᠰᠢᠳᠬᠡᠯ ᠡᠴᠡ ᠨᠢ ᠶᠠᠭᠠᠬᠢᠵᠤ ᠮᠤᠯᠲᠤᠷᠠᠨ᠎ᠠ ᠪᠤᠢ︖ ᠲᠡᠷᠡ ᠠᠪᠤᠷᠠᠯ ᠢ ᠠᠩᠬ᠎ᠠ ᠡᠵᠡᠨ ᠠᠢᠯᠠᠳᠤᠭᠰᠠᠨ ᠪᠥᠭᠡᠳ ᠰᠣᠨᠣᠰᠣᠭᠰᠠᠨ ᠬᠥᠮᠦᠰ ᠨᠢ ᠪᠢᠳᠡᠨ ᠳᠦ ᠪᠠᠲᠤᠯᠠᠵᠤ ᠬᠡᠯᠡᠭᠰᠡᠨ ᠶᠤᠮ᠃ 4 ᠪᠤᠷᠬᠠᠨ ᠪᠠᠰᠠ ᠲᠡᠳᠡᠨ ᠲᠡᠢ ᠬᠠᠮᠲᠤ ᠰᠢᠳᠢ ᠲᠡᠮᠳᠡᠭ᠂ ᠭᠠᠢᠬᠠᠮᠰᠢᠭ᠂ ᠡᠯᠳᠡᠪ ᠬᠦᠴᠦᠲᠦ ᠦᠢᠯᠡᠰ ᠪᠠ ᠥᠪᠡᠷ ᠦᠨ ᠢᠶᠠᠨ ᠲᠠᠭᠠᠯᠠᠯ ᠢᠶᠠᠷ ᠬᠤᠪᠢᠶᠠᠭᠰᠠᠨ ᠠᠷᠢᠭᠤᠨ ᠰᠦᠨᠡᠰᠦᠨ ᠦ ᠰᠣᠶᠣᠷᠬᠠᠯ ᠤᠳ ᠢᠶᠠᠷ ᠢᠶᠠᠨ ᠭᠡᠷᠡᠴᠢᠯᠡᠪᠡ᠃
 ᠢᠰᠦ᠋ᠰ ᠤᠨ ᠳᠡᠭᠡᠭᠰᠢᠯᠡᠯᠲᠡ ᠪᠠ ᠳᠣᠷᠣᠭᠰᠢᠯᠠᠯᠲᠠ

5 ᠪᠤᠷᠬᠠᠨ ᠪᠢᠳᠡᠨ ᠦ ᠶᠠᠷᠢᠵᠤ ᠪᠠᠢᠭ᠎ᠠ ᠢᠷᠡᠭᠡᠳᠦᠢ ᠶᠢᠨ ᠳᠡᠯᠡᠬᠡᠢ ᠶᠢ ᠲᠩᠷᠢ ᠡᠯᠴᠢ ᠶᠢᠨ ᠳᠣᠣᠷ᠎ᠠ ᠣᠷᠣᠭᠤᠯᠤᠭᠰᠠᠨ ᠦᠭᠡᠢ᠃ 6 ᠬᠡᠨ ᠨᠢᠭᠡ ᠨᠢ ᠵᠠᠷᠢᠮ ᠡᠰᠢᠯᠡᠯ ᠳᠦ᠄ 《ᠬᠥᠮᠦᠨ ᠭᠡᠭᠴᠢ ᠶᠠᠭᠤ ᠪᠣᠯᠣᠭᠠᠳ ᠲᠠ ᠲᠡᠭᠦᠨ ᠳᠦ ᠰᠠᠨᠠᠭ᠎ᠠ ᠲᠠᠯᠪᠢᠨ᠎ᠠ ᠪᠤᠢ︖ ᠬᠥᠮᠦᠨ ᠦ ᠬᠦᠦ ᠭᠡᠭᠴᠢ ᠶᠠᠭᠤ ᠪᠣᠯᠣᠭᠠᠳ ᠲᠠ ᠲᠡᠭᠦᠨ ᠢ ᠬᠠᠯᠠᠮᠵᠢᠯᠠᠨ᠎ᠠ ᠪᠤᠢ︖ 7 ᠲᠠ ᠲᠡᠭᠦᠨ ᠢ ᠲᠩᠷᠢ ᠡᠯᠴᠢ ᠡᠴᠡ ᠠᠷᠠᠢ ᠳᠣᠣᠷ᠎ᠠ ᠪᠠᠢᠯᠭᠠᠵᠤ 1 ᠂ ᠲᠡᠭᠦᠨ ᠳᠦ ᠠᠯᠳᠠᠷ ᠬᠦᠨᠳᠦ ᠶᠢᠨ ᠲᠢᠲᠢᠮ ᠢ ᠰᠣᠶᠣᠷᠬᠠᠨ᠂ 8 ᠬᠠᠮᠤᠭ ᠶᠠᠭᠤᠮ᠎ᠠ ᠶᠢ ᠲᠡᠭᠦᠨ ᠦ ᠬᠥᠯ ᠦᠨ ᠳᠣᠣᠷ᠎ᠠ ᠵᠠᠬᠢᠷᠤᠭᠤᠯᠤᠭᠰᠠᠨ》 ᠭᠡᠵᠦ ᠭᠡᠷᠡᠴᠢᠯᠡᠭᠰᠡᠨ ᠪᠠᠢᠳᠠᠭ᠃ ᠬᠠᠮᠤᠭ ᠶᠠᠭᠤᠮ᠎ᠠ ᠶᠢ ᠲᠡᠭᠦᠨ ᠦ ᠬᠥᠯ ᠦᠨ ᠳᠣᠣᠷ᠎ᠠ ᠵᠠᠬᠢᠷᠤᠭᠤᠯᠤᠭᠰᠠᠨ ᠢᠶᠠᠷ ᠵᠠᠬᠢᠷᠤᠭᠳᠠᠭ᠎ᠠ ᠦᠭᠡᠢ ᠶᠠᠭᠤ ᠴᠤ ᠦᠯᠡᠳᠡᠭᠰᠡᠨ ᠦᠭᠡᠢ᠃ ᠭᠡᠪᠡᠴᠦ ᠡᠳᠦᠭᠡ ᠬᠠᠮᠤᠭ ᠶᠠᠭᠤᠮ᠎ᠠ ᠲᠡᠭᠦᠨ ᠳᠦ ᠵᠠᠬᠢᠷᠤᠭᠳᠠᠭᠰᠠᠨ ᠢ ᠪᠢᠳᠡ ᠬᠠᠷᠠᠬᠠᠨ ᠦᠵᠡᠭᠡ ᠦᠭᠡᠢ ᠪᠠᠢᠨ᠎ᠠ᠃ 9 ᠭᠡᠬᠦ ᠳᠡᠭᠡᠨ ᠲᠩᠷᠢ ᠡᠯᠴᠢᠳ ᠡᠴᠡ ᠵᠢᠭᠠᠬᠠᠨ ᠳᠣᠣᠷ᠎ᠠ ᠪᠠᠢᠯᠭᠠᠰᠬᠢᠭᠳᠠᠨ 2 ᠂ ᠦᠬᠦᠯ ᠦᠨ ᠵᠣᠪᠠᠯᠠᠩ ᠢ ᠠᠮᠰᠠᠨ᠂ ᠠᠯᠳᠠᠷ ᠬᠦᠨᠳᠦ ᠶᠢᠨ ᠲᠢᠲᠢᠮ ᠢ ᠣᠯᠣᠭᠰᠠᠨ ᠢᠰᠦ᠋ᠰ ᠢ ᠪᠢᠳᠡ ᠬᠠᠷᠠᠵᠤ ᠪᠠᠢᠨ᠎ᠠ᠃ ᠦᠨᠡᠨ ᠳᠡᠭᠡᠨ ᠪᠤᠷᠬᠠᠨ ᠤ ᠢᠪᠡᠭᠡᠯ ᠢᠶᠡᠷ 3 ᠲᠡᠷᠡ ᠬᠥᠮᠦᠨ ᠪᠦᠬᠦᠨ ᠦ ᠲᠥᠯᠥᠭᠡ ᠦᠬᠦᠯ ᠢ ᠠᠮᠰᠠᠭᠰᠠᠨ᠃

10 ᠬᠠᠮᠤᠭ ᠶᠠᠭᠤᠮ᠎ᠠ ᠲᠡᠭᠦᠨ ᠦ ᠤᠯᠠᠮ ᠠᠴᠠ᠂ ᠲᠡᠭᠦᠨ ᠦ ᠤᠯᠠᠮ ᠢᠶᠠᠷ ᠪᠠᠢᠳᠠᠭ᠃ ᠲᠡᠢᠮᠦ ᠡᠴᠡ ᠲᠡᠭᠦᠨ ᠦ ᠬᠤᠪᠢ ᠳᠤ ᠣᠯᠠᠨ ᠬᠡᠦᠬᠡᠳ ᠢᠶᠡᠨ ᠠᠯᠳᠠᠷ ᠰᠤᠤ ᠳᠠᠭᠠᠨ ᠣᠷᠣᠭᠤᠯᠬᠤ ᠶᠢᠨ ᠲᠤᠯᠠᠳᠠ᠂ ᠲᠡᠳᠡᠨ ᠦ ᠠᠪᠤᠷᠠᠯ ᠤᠨ ᠡᠭᠦᠳᠦᠭᠴᠢ ᠶᠢ ᠵᠣᠪᠠᠯᠠᠩ ᠢᠶᠠᠷ ᠲᠡᠭᠦᠯᠳᠡᠷᠵᠢᠭᠦᠯᠬᠦ ᠨᠢ ᠵᠦᠢᠲᠡᠢ ᠪᠠᠢᠭᠰᠠᠨ᠃ 11 ᠠᠷᠢᠭᠤᠰᠬᠠᠭᠴᠢ ᠪᠠ ᠠᠷᠢᠭᠤᠰᠬᠠᠭᠳᠠᠭᠰᠠᠳ ᠨᠢ ᠴᠥᠮ ᠨᠢᠭᠡ ᠭᠠᠷᠤᠯ ᠲᠠᠢ ᠶᠤᠮ᠃ ᠡᠢᠮᠦ ᠡᠴᠡ ᠢᠰᠦ᠋ᠰ ᠲᠡᠳᠡᠨ ᠢ ᠠᠬ᠎ᠠ ᠳᠡᠭᠦᠦ ᠭᠡᠵᠦ ᠳᠠᠭᠤᠳᠠᠬᠤ ᠠᠴᠠ ᠢᠴᠢᠬᠦ ᠦᠭᠡᠢ᠂ 12 ᠬᠠᠷᠢᠨ᠄ 《ᠪᠢ ᠲᠠᠨ ᠤ ᠨᠡᠷ᠎ᠡ ᠶᠢ ᠠᠬ᠎ᠠ ᠳᠡᠭᠦᠦᠰ ᠲᠡᠭᠡᠨ ᠲᠤᠩ᠋ᠬᠠᠭᠯᠠᠨ᠎ᠠ᠂ ᠲᠠᠨ ᠢ ᠴᠢᠭᠤᠯᠭᠠᠨ ᠤ ᠳᠤᠮᠳᠠ ᠮᠠᠭᠲᠠᠨ᠎ᠠ》 ᠬᠡᠮᠡᠨ᠂ 13 ᠪᠠᠰᠠ᠄ 《ᠪᠢ ᠲᠡᠭᠦᠨ ᠳᠦ ᠨᠠᠢᠳᠠᠨ᠎ᠠ》 ᠭᠡᠵᠦ᠂ ᠮᠥᠨ 《ᠬᠠᠷᠠ᠂ ᠪᠢ ᠪᠤᠷᠬᠠᠨ ᠤ ᠨᠠᠳᠠ ᠳᠤ ᠰᠣᠶᠣᠷᠬᠠᠭᠰᠠᠨ ᠬᠡᠦᠬᠡᠳ ᠤᠳ ᠲᠠᠢ ᠬᠠᠮᠲᠤ ᠪᠠᠢᠨ᠎ᠠ》 ᠭᠡᠰᠡᠨ ᠶᠤᠮ᠃

14 ᠬᠡᠦᠬᠡᠳ ᠤᠳ ᠮᠢᠬ᠎ᠠ ᠴᠢᠰᠤ ᠲᠠᠢ ᠪᠣᠯᠬᠣᠷ ᠲᠡᠷᠡ ᠴᠤ ᠲᠡᠭᠦᠨᠴᠢᠯᠡᠨ ᠮᠢᠬ᠎ᠠ ᠴᠢᠰᠤ ᠲᠠᠢ ᠪᠣᠯᠪᠠ᠃ ᠡᠨᠡ ᠨᠢ ᠦᠬᠦᠯ ᠦᠨ ᠬᠦᠴᠦᠲᠡᠨ᠂ ᠲᠤᠬᠠᠢᠯᠠᠪᠠᠯ ᠰᠠᠲ᠋ᠠᠨ ᠢ ᠦᠬᠦᠯ ᠢᠶᠡᠷ ᠢᠶᠠᠨ ᠬᠦᠴᠦ ᠦᠭᠡᠢ ᠪᠣᠯᠭᠠᠵᠤ᠂ 15 ᠨᠠᠰᠤᠨ ᠲᠤᠷᠰᠢ ᠳᠠᠭᠠᠨ ᠦᠬᠦᠯ ᠦᠨ ᠠᠢᠳᠠᠰ ᠲᠤ ᠪᠣᠭᠣᠯᠴᠢᠯᠠᠭᠳᠠᠭᠰᠠᠳ ᠢ ᠴᠢᠯᠥᠭᠡᠯᠡᠬᠦ ᠶᠢᠨ ᠲᠤᠯᠠᠳᠠ ᠶᠤᠮ᠃ 16 ᠦᠨᠡᠨ ᠳᠡᠭᠡᠨ ᠲᠡᠷᠡ ᠲᠩᠷᠢ ᠡᠯᠴᠢ ᠶᠢ ᠪᠢᠰᠢ᠂ ᠬᠠᠷᠢᠨ ᠠᠪᠷᠠᠬᠠᠮ ᠤᠨ ᠦᠷᠡᠰ ᠢ ᠠᠪᠤᠷᠠᠳᠠᠭ᠃ 17 ᠲᠡᠷᠡ ᠪᠡᠷ ᠪᠤᠷᠬᠠᠨ ᠤ ᠡᠮᠦᠨ᠎ᠡ ᠡᠨᠡᠷᠢᠩᠭᠦᠢ᠂ ᠢᠲᠡᠭᠡᠮᠵᠢᠲᠦ ᠲᠡᠷᠢᠭᠦᠨ ᠲᠠᠬᠢᠯᠴᠢ ᠪᠣᠯᠬᠤ ᠶᠢᠨ ᠲᠤᠯᠠᠳᠠ᠂ ᠮᠥᠨ ᠠᠷᠠᠳ ᠲᠦᠮᠡᠨ ᠦ ᠭᠡᠮ ᠨᠢᠭᠦᠯ ᠢ ᠵᠣᠯᠢᠬᠤ ᠶᠢᠨ ᠲᠤᠯᠠᠳᠠ᠂ ᠪᠦᠬᠦ ᠲᠠᠯ᠎ᠠ ᠪᠠᠷ ᠠᠬ᠎ᠠ ᠳᠡᠭᠦᠦ ᠨᠠᠷ ᠲᠠᠢ ᠪᠠᠨ ᠠᠳᠠᠯᠢ ᠪᠣᠯᠬᠤ ᠱᠠᠭᠠᠷᠳᠠᠯᠭ᠎ᠠ ᠲᠠᠢ ᠪᠠᠢᠪᠠ᠃ 18 ᠲᠡᠷᠡ ᠥᠪᠡᠷ ᠢᠶᠡᠨ ᠲᠡᠩᠰᠡᠭᠳᠡᠵᠦ ᠵᠣᠪᠠᠭᠰᠠᠨ ᠲᠤᠯᠠ ᠲᠡᠩᠰᠡᠭᠳᠡᠭᠰᠡᠳ ᠢ ᠲᠤᠰᠠᠯᠠᠵᠤ ᠴᠢᠳᠠᠨ᠎ᠠ᠃