1 2 3 4 5 6 7 8 9 10 11 12 13


ᠢᠪᠷᠠᠢ ᠠᠷᠪᠠᠨ ᠬᠣᠶᠠᠷ
 ᠥᠨᠥ ᠦᠶ᠎ᠡ ᠶᠢᠨ ᠢᠲᠡᠭᠡᠯ ᠦᠨ ᠣᠷᠣᠯᠳᠤᠭᠠᠨ

1 ᠡᠢᠮᠦ ᠣᠯᠠᠨ ᠭᠡᠷᠡᠴᠢᠯᠡᠭᠴᠢ ᠪᠢᠳᠡᠨ ᠢ ᠡᠭᠦᠯᠡ ᠮᠡᠲᠦ ᠲᠣᠭᠣᠷᠢᠨ ᠬᠦᠷᠢᠶᠡᠯᠡᠵᠦ ᠪᠠᠢᠭ᠎ᠠ᠃ ᠠᠯᠢᠪᠠ ᠲᠡᠭᠡᠭᠡᠷ᠎ᠡ ᠳᠠᠷᠤᠭᠠᠰᠤ ᠪᠠ ᠤᠷᠠᠨ ᠢᠶᠠᠷ ᠲᠤᠱᠠᠳᠠᠭ ᠨᠢᠭᠦᠯ ᠢᠶᠡᠨ ᠣᠷᠬᠢᠵᠤ᠂ ᠪᠢᠳᠡᠨ ᠦ ᠡᠮᠦᠨ᠎ᠡ ᠪᠠᠢᠭ᠎ᠠ ᠣᠷᠣᠯᠳᠤᠭᠠᠨ ᠳᠤ ᠲᠡᠰᠪᠦᠷᠢ ᠲᠠᠢ ᠭᠦᠶᠦᠵᠡᠭᠡᠶ᠎ᠡ᠃ 2 ᠲᠡᠭᠡᠬᠦ ᠳᠡᠭᠡᠨ ᠢᠲᠡᠭᠡᠯ ᠦᠨ ᠡᠬᠢᠯᠡᠭᠴᠢ ᠪᠠ ᠲᠡᠭᠦᠰ ᠪᠣᠯᠭᠠᠭᠴᠢ ᠢᠰᠦ᠋ᠰ ᠥᠭᠡᠳᠡ ᠠᠩ᠋ᠬᠠᠷᠴᠠᠭᠠᠶ᠎ᠠ᠃ ᠲᠡᠷᠡ ᠡᠮᠦᠨ᠎ᠡ ᠨᠢ ᠲᠠᠯᠪᠢᠭᠳᠠᠭᠰᠠᠨ ᠪᠠᠶᠠᠰᠤᠯ ᠤᠨ ᠤᠯᠠᠮ ᠢᠶᠠᠷ 7 ᠢᠴᠢᠭᠦᠷᠢ ᠪᠠᠨ ᠬᠥᠩᠭᠡᠪᠴᠢᠯᠡᠨ᠂ ᠵᠠᠭᠠᠯᠮᠠᠢ ᠪᠠᠨ ᠲᠡᠰᠪᠦᠷᠢᠯᠡᠭᠰᠡᠨ ᠪᠥᠭᠡᠳ ᠪᠤᠷᠬᠠᠨ ᠤ ᠰᠡᠨᠲᠢ ᠶᠢᠨ ᠪᠠᠷᠠᠭᠤᠨ ᠲᠠᠯ᠎ᠠ ᠳᠤ ᠵᠠᠯᠠᠷᠠᠭᠰᠠᠨ ᠪᠠᠢᠳᠠᠭ᠃

3 ᠨᠢᠭᠦᠯᠲᠡᠳ ᠦᠨ ᠲᠡᠢᠮᠦᠷᠬᠦ ᠡᠰᠡᠷᠭᠦᠴᠡᠯ ᠢ ᠲᠡᠰᠪᠦᠷᠢᠯᠡᠭᠰᠡᠨ ᠢᠰᠦ᠋ᠰ ᠢ ᠪᠣᠳᠣᠵᠠᠭ᠎ᠠ᠃ ᠲᠡᠭᠡᠪᠡᠯ ᠲᠠᠮᠢᠷᠳᠠᠬᠤ ᠦᠭᠡᠢ᠂ ᠴᠥᠬᠥᠷᠡᠬᠦ ᠦᠭᠡᠢ᠃ 4 ᠲᠠ ᠨᠠᠷ ᠨᠢᠭᠦᠯ ᠲᠡᠢ ᠲᠡᠮᠡᠴᠡᠬᠦ ᠳᠡᠭᠡᠨ ᠴᠢᠰᠤ ᠤᠷᠤᠰᠬᠠᠲᠠᠯ᠎ᠠ ᠪᠠᠨ ᠥᠷᠢᠰᠥᠯᠳᠦᠵᠦ ᠪᠠᠢᠭ᠎ᠠ ᠦᠭᠡᠢ᠃ 5 ᠬᠦᠦ ᠳᠡᠭᠡᠨ ᠥᠭᠦᠯᠡᠳᠡᠭ ᠮᠡᠲᠦ ᠲᠠ ᠨᠠᠷ ᠲᠤ᠄ 《ᠬᠦᠦ ᠮᠢᠨᠢ᠂ ᠡᠵᠡᠨ ᠦ ᠰᠠᠬᠢᠯᠭ᠎ᠠ ᠶᠢ ᠪᠦᠦ ᠪᠠᠰᠤᠮᠵᠢᠯᠠ ᠲᠡᠭᠦᠨ ᠦ ᠵᠢᠮᠡᠯᠡᠯ ᠡᠴᠡ ᠪᠣᠯᠵᠤ ᠪᠦᠦ ᠴᠥᠬᠥᠷᠡ᠃
6 ᠤᠴᠢᠷ ᠨᠢ᠂ ᠡᠵᠡᠨ ᠬᠠᠢᠷᠠᠲᠠᠢ ᠬᠥᠮᠦᠨ ᠢᠶᠡᠨ ᠵᠢᠮᠡᠯᠡᠳᠡᠭ ᠬᠦᠯᠢᠶᠡᠨ ᠠᠪᠤᠭᠰᠠᠨ ᠬᠦᠦ ᠪᠦᠷᠢ ᠪᠠᠨ ᠭᠡᠰᠬᠡᠳᠡᠭ》
ᠭᠡᠵᠦ ᠢᠳᠬᠠᠭᠰᠠᠨ ᠦᠭᠡ ᠶᠢ ᠮᠠᠷᠲᠠᠭᠰᠠᠨ ᠭᠡᠵᠢ ᠤᠤ︖

7 ᠰᠠᠬᠢᠯᠭᠠᠵᠢᠭᠤᠯᠤᠯ ᠢ ᠲᠡᠰᠪᠦᠷᠢᠯᠡᠭᠲᠦᠨ᠂ ᠪᠤᠷᠬᠠᠨ ᠲᠠ ᠨᠠᠷ ᠲᠤ ᠬᠦᠦ ᠳᠡᠭᠡᠨ ᠰᠢᠭ ᠬᠠᠨᠳᠤᠵᠤ ᠪᠠᠢᠳᠠᠭ᠃ ᠡᠴᠢᠭᠡ ᠳᠡᠭᠡᠨ ᠰᠠᠬᠢᠯᠭᠠᠵᠢᠭᠤᠯᠤᠭᠳᠠᠬᠤ ᠦᠭᠡᠢ ᠬᠦᠦ ᠭᠡᠵᠦ ᠪᠠᠢᠨ᠎ᠠ ᠤᠤ︖ 8 ᠬᠦᠦ ᠪᠣᠯᠭᠠᠨ ᠳᠤ ᠪᠠᠢᠳᠠᠭ ᠰᠠᠬᠢᠯᠭᠠᠵᠢᠭᠤᠯᠤᠯ ᠲᠠ ᠨᠠᠷ ᠲᠤ ᠪᠠᠢᠬᠤ ᠦᠭᠡᠢ ᠶᠤᠮ ᠪᠣᠯ ᠲᠠ ᠨᠠᠷ ᠬᠦᠦ ᠨᠢ ᠪᠢᠰᠢ᠂ ᠨᠡᠭᠡᠯᠡᠢ ᠬᠡᠦᠬᠡᠳ ᠮᠥᠨ᠃ 9 ᠪᠠᠰᠠ ᠰᠠᠬᠢᠯᠭᠠᠵᠢᠭᠤᠯᠳᠠᠭ ᠮᠢᠬᠠᠨ ᠪᠡᠶ᠎ᠡ ᠶᠢᠨ ᠡᠴᠢᠭᠡ ᠪᠡᠨ ᠪᠢᠳᠡ ᠬᠦᠨᠳᠦᠳᠬᠡᠭᠰᠡᠨ ᠶᠤᠮ ᠪᠣᠯ᠂ ᠰᠦᠨᠡᠰᠦᠨ ᠦ ᠡᠴᠢᠭᠡ ᠳᠡᠭᠡᠨ ᠨᠡᠩ ᠢᠯᠡᠭᠦᠦ ᠵᠠᠬᠢᠷᠤᠭᠳᠠᠵᠤ ᠠᠮᠢᠳᠤᠷᠠᠬᠤ ᠶᠣᠰᠣᠲᠠᠢ ᠪᠢᠰᠢ ᠤᠤ︖ 10 ᠪᠢᠳᠡᠨ ᠦ ᠡᠴᠢᠭᠡ ᠨᠦᠭᠦᠳ ᠲᠦᠷ ᠵᠠᠭᠤᠷ᠎ᠠ ᠥᠪᠡᠷ ᠦᠨ ᠢᠶᠠᠨ ᠰᠠᠨᠠᠭ᠎ᠠ ᠪᠠᠷ ᠪᠢᠳᠡᠨ ᠢ ᠰᠠᠬᠢᠯᠭᠠᠵᠢᠭᠤᠯᠤᠭᠰᠠᠨ ᠪᠣᠯ᠂ ᠪᠤᠷᠬᠠᠨ ᠪᠢᠳᠡᠨ ᠦ ᠰᠠᠢᠨ ᠤ ᠲᠥᠯᠥᠭᠡ᠂ ᠪᠢᠳᠡᠨ ᠢ ᠠᠷᠢᠭᠤᠨ ᠪᠠᠢᠳᠠᠯ ᠤᠨ ᠢᠶᠠᠨ ᠬᠤᠪᠢᠲᠠᠨ ᠪᠣᠯᠭᠠᠬᠤ ᠶᠢᠨ ᠲᠥᠯᠥᠭᠡ ᠰᠠᠬᠢᠯᠭᠠᠵᠢᠭᠤᠯᠳᠠᠭ᠃ 11 ᠰᠠᠬᠢᠯᠭᠠᠵᠢᠭᠤᠯᠤᠯ ᠪᠦᠷᠢ ᠨᠢ ᠲᠤᠬᠠᠢ ᠶᠢᠨ ᠴᠠᠭ ᠲᠠᠭᠠᠨ ᠵᠢᠷᠭᠠᠯ ᠪᠢᠰᠢ᠂ ᠬᠠᠷᠢᠨ ᠵᠣᠪᠠᠯᠠᠩ ᠮᠡᠲᠦ ᠰᠠᠨᠠᠭᠳᠠᠪᠠᠴᠤ ᠳᠠᠰᠬᠠᠯᠵᠢᠭᠰᠠᠨ ᠬᠥᠮᠦᠨ ᠳᠦ ᠬᠣᠵᠢᠮ ᠨᠢ ᠵᠥᠪᠲᠦ ᠠᠮᠤᠭᠤᠯᠠᠩ ᠤᠨ ᠦᠷ᠎ᠡ ᠵᠢᠮᠢᠰ ᠢ ᠥᠭᠳᠡᠭ᠃

12 ᠲᠡᠢᠮᠦ ᠡᠴᠡ ᠲᠠ ᠨᠠᠷ ᠰᠤᠯᠠᠷᠠᠭᠰᠠᠨ ᠭᠠᠷ᠂ ᠴᠢᠯᠡᠭᠰᠡᠨ ᠡᠪᠤᠳᠦᠭ᠌ ᠢᠶᠡᠨ ᠴᠢᠩ᠋ᠭᠠᠯᠠᠵᠤ᠂ 13 ᠬᠥᠯ ᠦᠨ ᠢᠶᠠᠨ ᠲᠥᠯᠥᠭᠡ ᠵᠠᠮ ᠢᠶᠠᠨ ᠲᠡᠭᠰᠢᠯᠡᠭᠲᠦᠨ᠂ ᠲᠡᠭᠡᠪᠡᠯ ᠳᠣᠭᠣᠯᠠᠩ ᠨᠢ ᠪᠣᠯᠵᠢᠯ ᠦᠭᠡᠢ᠂ ᠡᠳᠡᠭᠡᠷᠡᠬᠦ ᠪᠣᠯᠣᠨ᠎ᠠ᠃

14 ᠲᠠ ᠨᠠᠷ ᠪᠦᠬᠦ ᠬᠥᠮᠦᠨ ᠲᠡᠢ ᠨᠠᠢᠷᠠᠮᠳᠠᠬᠤ ᠪᠠ ᠠᠷᠢᠭᠤᠨ ᠪᠣᠯᠬᠤ ᠶᠢ ᠬᠥᠭᠡᠭᠡᠴᠡᠯᠳᠦᠭᠲᠦᠨ᠃ ᠠᠷᠢᠭᠤᠨ ᠪᠤᠰᠤ ᠪᠠᠷ ᠬᠡᠨ ᠴᠤ ᠡᠵᠡᠨ ᠢ ᠣᠯᠵᠤ ᠬᠠᠷᠠᠬᠤ ᠦᠭᠡᠢ ᠲᠤᠯᠠ 15 ᠲᠠ ᠨᠠᠷ ᠠᠩ᠋ᠬᠠᠷᠤᠯ ᠲᠠᠢ ᠪᠠᠢᠭᠲᠤᠨ᠃ ᠬᠡᠨ ᠨᠢᠭᠡ ᠴᠢᠨᠢ ᠪᠤᠷᠬᠠᠨ ᠤ ᠢᠪᠡᠭᠡᠯ ᠡᠴᠡ ᠬᠠᠰᠤᠭᠳᠠᠬᠤ ᠪᠤᠢ᠂ ᠶᠠᠮᠠᠷ ᠨᠢᠭᠡ ᠭᠠᠰᠢᠭᠤᠨ ᠦᠨᠳᠦᠰᠦ ᠤᠷᠭᠤᠭᠠᠳ ᠲᠦᠪᠡᠭ ᠪᠣᠯᠭᠠᠵᠤ ᠣᠯᠠᠨ ᠢ ᠪᠣᠬᠢᠷᠳᠤᠭᠤᠯᠬᠤ ᠪᠤᠢ᠂ 16 ᠶᠠᠮᠠᠷ ᠨᠢᠭᠡ ᠵᠠᠪᠬᠠᠢ ᠬᠥᠮᠦᠨ᠂ ᠡᠰᠡᠪᠡᠯ ᠡᠮᠬᠦ ᠬᠣᠭᠣᠯᠠᠨ ᠤ ᠲᠥᠯᠥᠭᠡ ᠤᠤᠭᠠᠨ ᠬᠦᠦ ᠶᠢᠨ ᠡᠷᠬᠡ ᠪᠡᠨ ᠣᠷᠬᠢᠭᠰᠠᠨ ᠡᠰᠠᠦ᠋ ᠰᠢᠭ᠋ ᠰᠦᠰᠦᠭ ᠪᠢᠰᠢᠷᠡᠯ ᠦᠭᠡᠢ ᠬᠥᠮᠦᠨ ᠪᠦᠦ ᠪᠣᠯ᠃ 17 ᠲᠠ ᠨᠠᠷ ᠤᠨ ᠮᠡᠳᠡᠳᠡᠭᠴᠢᠯᠡᠨ ᠡᠰᠠᠦ᠋ ᠬᠣᠵᠢᠮ ᠨᠢ ᠢᠷᠥᠭᠡᠯ ᠢ ᠥᠪᠯᠡᠬᠦ ᠪᠡᠷ ᠬᠦᠰᠡᠭᠰᠡᠨ ᠪᠣᠯᠪᠠᠴᠤ ᠭᠣᠯᠣᠭᠳᠠᠪᠠ᠂ ᠨᠢᠯᠪᠤᠰᠤ ᠲᠠᠢ ᠪᠠᠷ ᠢᠷᠥᠭᠡᠯ ᠢ ᠭᠤᠶᠤᠭᠰᠠᠨ ᠪᠣᠯᠪᠠᠴᠤ ᠰᠠᠨᠠᠭ᠎ᠠ ᠶᠢ ᠨᠢ ᠥᠭᠡᠷᠡᠴᠢᠯᠡᠬᠦ ᠪᠣᠯᠣᠮᠵᠢ ᠶᠢ ᠣᠯᠣᠭᠰᠠᠨ ᠦᠭᠡᠢ᠃

18 ᠦᠨᠡᠨ ᠳᠡᠭᠡᠨ ᠲᠠ ᠨᠠᠷ ᠭᠠᠷ ᠲᠤ ᠪᠠᠷᠢᠭᠳᠠᠬᠤ ᠠᠭᠤᠯᠠᠨ ᠳᠤ ᠢᠷᠡᠭᠰᠡᠨ ᠪᠤᠰᠤ ᠶᠤᠮ᠃ ᠲᠡᠨᠳᠡ ᠳᠦᠷᠡᠯᠵᠡᠭᠰᠡᠨ ᠭᠠᠯ᠂ ᠲᠦᠨᠡᠷ ᠬᠠᠷᠠᠩ᠋ᠭᠤᠢ᠂ ᠪᠠᠷᠠᠭᠠᠨ ᠬᠠᠷ᠎ᠠ᠂ ᠳᠣᠭᠰᠢᠨ ᠰᠠᠯᠬᠢ ᠪᠣᠯᠣᠨ 19 ᠪᠦᠷᠢᠶᠡᠨ ᠦ ᠳᠠᠭᠤ ᠪᠠ ᠠᠢᠯᠠᠳᠬᠤ ᠴᠢᠮᠡᠭᠡ ᠪᠤᠢ᠃ ᠲᠡᠷᠡ ᠴᠢᠮᠡᠭᠡ ᠶᠢ ᠰᠣᠨᠣᠰᠣᠭᠰᠠᠨ ᠢᠰᠷᠧᠯᠴᠦᠳ᠄ 《ᠪᠢᠳᠡᠨ ᠳᠦ ᠦᠭᠡ ᠠᠢᠯᠠᠳᠬᠤ ᠪᠠᠨ ᠪᠣᠯᠢᠭᠠᠴᠢ》 ᠭᠡᠵᠦ ᠭᠤᠶᠤᠭᠰᠠᠨ ᠪᠢᠯᠡ᠃ 20 ᠤᠴᠢᠷ ᠨᠢ᠂ ᠲᠡᠳᠡ᠄ 《ᠠᠷᠢᠶᠠᠲᠠᠨ ᠴᠤ ᠭᠡᠰᠡᠨ ᠲᠡᠷᠡ ᠠᠭᠤᠯᠠᠨ ᠳᠤ ᠬᠦᠷᠪᠡᠯ ᠴᠢᠯᠠᠭᠤᠳᠠᠭᠳᠠᠨ ᠦᠬᠦᠬᠦ ᠶᠣᠰᠣᠲᠠᠢ》 ᠭᠡᠰᠡᠨ ᠵᠠᠷᠯᠢᠭ ᠢ ᠳᠠᠭᠠᠭᠠᠵᠤ ᠴᠢᠳᠠᠭᠰᠠᠨ ᠦᠭᠡᠢ᠃ 21 ᠲᠡᠢᠮᠦ ᠠᠶᠤᠮᠰᠢᠭᠲᠠᠢ ᠬᠠᠷᠠᠭᠳᠠᠭᠰᠠᠨ ᠲᠤᠯᠠ ᠮᠣᠰᠧ᠄ 《ᠪᠢ ᠰᠦᠷᠡᠬᠡᠢ ᠠᠶᠤᠨ ᠴᠡᠴᠡᠷᠡᠵᠦ ᠪᠠᠢᠨ᠎ᠠ》 ᠭᠡᠰᠡᠨ ᠶᠤᠮ᠃ 22 ᠬᠠᠷᠢᠨ ᠲᠠ ᠨᠠᠷ ᠽᠢᠶᠣᠨ ᠠᠭᠤᠯᠠ᠂ ᠠᠮᠢᠳᠤ ᠪᠤᠷᠬᠠᠨ ᠤ ᠬᠣᠲᠠ᠂ ᠲᠩᠷᠢᠯᠢᠭ ᠶᠧᠷᠦ᠋ᠰᠠᠯᠧᠮ ᠤᠨ ᠬᠠᠪᠢ ᠳᠤ ᠢᠷᠡᠭᠰᠡᠨ ᠪᠠᠢᠨ᠎ᠠ᠃ ᠥᠭᠡᠷ᠎ᠡ ᠪᠡᠷ ᠬᠡᠯᠡᠪᠡᠯ᠂ ᠲᠦᠭ ᠲᠦᠮᠡᠨ ᠲᠩᠷᠢ ᠡᠯᠴᠢ ᠶᠢᠨ ᠪᠠᠶᠠᠷ ᠨᠠᠭᠠᠳᠤᠮ᠂ 23 ᠲᠩᠷᠢ ᠳᠤ ᠪᠦᠷᠢᠳᠬᠡᠭᠳᠡᠭᠰᠡᠨ ᠠᠩᠬ᠎ᠠ ᠲᠥᠷᠥᠭᠰᠡᠳ ᠦᠨ ᠴᠢᠭᠤᠯᠭᠠᠨ᠂ ᠬᠥᠮᠦᠨ ᠪᠦᠬᠦᠨ ᠢ ᠰᠢᠭᠦᠭᠴᠢ ᠪᠤᠷᠬᠠᠨ᠂ ᠲᠡᠭᠦᠯᠳᠡᠷᠵᠢᠭᠰᠡᠨ ᠵᠥᠪᠲᠦ ᠬᠥᠮᠦᠰ ᠦᠨ ᠰᠦᠨᠡᠰᠦ᠂ 24 ᠰᠢᠨ᠎ᠡ ᠭᠡᠷ᠎ᠡ ᠶᠢᠨ ᠵᠠᠭᠤᠴᠢ ᠢᠰᠦ᠋ᠰ᠂ ᠠᠪᠧᠯ ᠤᠨ ᠴᠢᠰᠤᠨ ᠠᠴᠠ ᠨᠡᠩ ᠰᠠᠢᠨ ᠶᠠᠷᠢᠭᠴᠢ ᠰᠠᠴᠤᠭᠳᠠᠭᠰᠠᠨ ᠴᠢᠰᠤ ᠤᠷᠤᠭᠤ ᠣᠢᠷᠠᠲᠤᠯ᠎ᠠ᠃
 ᠲᠠᠪᠤᠳᠤᠭᠠᠷ ᠰᠠᠨᠠᠭᠤᠯᠭ᠎ᠠ — ᠣᠭᠣᠷᠣᠯᠲᠠ ᠳᠤ

25 ᠪᠣᠯᠭᠣᠮᠵᠢᠯᠠ︕ ᠠᠢᠯᠠᠳᠴᠤ ᠪᠤᠢ ᠨᠢᠭᠡᠨ ᠢ ᠪᠦᠦ ᠣᠭᠣᠷ᠃ ᠭᠠᠵᠠᠷ ᠤᠨ ᠳᠡᠭᠡᠷ᠎ᠡ ᠰᠡᠷᠡᠮᠵᠢᠯᠡᠭᠦᠯᠦᠭᠴᠢ ᠶᠢ ᠣᠭᠣᠷᠣᠭᠰᠠᠨ ᠲᠡᠳᠡᠭᠡᠷ ᠬᠥᠮᠦᠰ ᠳᠤᠲᠠᠭᠠᠬᠤ ᠪᠣᠯᠣᠮᠵᠢ ᠦᠭᠡᠢ ᠠᠲᠠᠯ᠎ᠠ᠂ ᠪᠢᠳᠡ ᠲᠩᠷᠢ ᠶᠢᠨ ᠰᠡᠷᠡᠮᠵᠢᠯᠡᠭᠦᠯᠦᠭᠴᠢ ᠡᠴᠡ ᠬᠥᠨᠳᠡᠢᠷᠡᠪᠡᠯ ᠶᠠᠭᠠᠬᠢᠨ ᠳᠤᠲᠠᠭᠠᠵᠤ ᠴᠢᠳᠠᠬᠤ ᠪᠤᠢ︖ 26 ᠲᠡᠷᠡ ᠦᠶ᠎ᠡ ᠳᠦ ᠲᠡᠭᠦᠨ ᠦ ᠳᠠᠭᠤ ᠭᠠᠵᠠᠷ ᠢ ᠳᠣᠷᠭᠢᠭᠤᠯᠤᠭᠰᠠᠨ ᠪᠣᠯ᠂ ᠡᠳᠦᠭᠡ ᠲᠡᠷᠡ᠄ 《ᠪᠢ ᠳᠠᠬᠢᠨ ᠨᠢᠭᠡ ᠤᠳᠠᠭ᠎ᠠ ᠭᠠᠵᠠᠷ ᠢ ᠲᠡᠳᠦᠢ ᠦᠭᠡᠢ᠂ ᠲᠩᠷᠢ ᠶᠢ ᠴᠤ ᠰᠡᠭᠰᠦᠷᠦᠨ᠎ᠡ》 ᠭᠡᠵᠦ ᠠᠮᠠᠯᠠᠭᠰᠠᠨ ᠪᠠᠢᠳᠠᠭ᠃ 27 《ᠳᠠᠬᠢᠨ ᠨᠢᠭᠡ ᠤᠳᠠᠭ᠎ᠠ》 ᠭᠡᠳᠡᠭ ᠨᠢ ᠳᠣᠷᠭᠢᠬᠤ ᠵᠦᠢᠯᠡᠰ᠂ ᠲᠤᠬᠠᠢᠯᠠᠪᠠᠯ ᠪᠦᠲᠦᠭᠡᠭᠳᠡᠭᠰᠡᠨ ᠵᠦᠢᠯᠡᠰ ᠢ ᠥᠭᠡᠷᠡᠴᠢᠯᠡᠬᠦ ᠭᠡᠰᠡᠨ ᠤᠳᠬ᠎ᠠ ᠲᠠᠢ᠂ ᠢᠩᠭᠢᠬᠦ ᠨᠢ ᠳᠣᠷᠭᠢᠰᠢ ᠦᠭᠡᠢ ᠵᠦᠢᠯᠡᠰ ᠢ ᠦᠯᠡᠳᠡᠭᠡᠬᠦ ᠶᠢᠨ ᠲᠤᠯᠠᠳᠠ ᠶᠤᠮ᠃ 28 ᠪᠢᠳᠡ ᠳᠣᠷᠭᠢᠰᠢ ᠦᠭᠡᠢ ᠬᠠᠭᠠᠨᠴᠢᠯᠠᠯ ᠢ ᠬᠦᠯᠢᠶᠡᠨ ᠠᠪᠤᠭᠰᠠᠨ ᠲᠤᠯᠠ ᠲᠠᠯᠠᠷᠬᠠᠯ ᠲᠠᠢ ᠪᠠᠷ ᠪᠤᠷᠬᠠᠨ ᠳᠤ ᠲᠠᠭᠠᠯᠠᠭᠳᠠᠬᠤ ᠮᠥᠷᠭᠥᠯ ᠢ ᠰᠦᠰᠦᠭ ᠪᠢᠰᠢᠷᠡᠯ ᠲᠡᠢ ᠪᠠᠷ ᠡᠮᠢᠶᠡᠨ ᠡᠷᠭᠦᠵᠡᠭᠡᠶ᠎ᠡ᠃ 29 ᠪᠢᠳᠡᠨ ᠦ ᠪᠤᠷᠬᠠᠨ ᠪᠣᠯ ᠰᠥᠨᠥᠭᠡᠭᠴᠢ ᠭᠠᠯ ᠪᠢᠯᠡ᠃