1 2 3 4 5 6 7 8 9 10 11 12 13


ᠢᠪᠷᠠᠢ ᠨᠠᠢ᠌ᠮᠠ
 ᠭᠡᠷ᠎ᠡ ᠶᠢᠨ ᠨᠡᠩ ᠰᠠᠢᠨ ᠵᠠᠭᠤᠴᠢ ᠢᠰᠦ᠋ᠰ

1 ᠣᠳᠣ ᠬᠡᠯᠡᠬᠦ ᠦᠭᠡ ᠶᠢᠨ ᠭᠣᠣᠯ ᠨᠢ ᠡᠨᠡ᠄ ᠪᠢᠳᠡᠨ ᠳᠦ ᠡᠢᠮᠦ ᠲᠡᠷᠢᠭᠦᠨ ᠲᠠᠬᠢᠯᠴᠢ ᠪᠤᠢ᠂ ᠲᠡᠷᠡ ᠲᠩᠷᠢ ᠶᠢᠨ ᠠᠤᠭ᠎ᠠ ᠶᠡᠬᠡ ᠨᠢᠭᠡᠨ ᠦ ᠰᠡᠨᠲᠢ ᠶᠢᠨ ᠪᠠᠷᠠᠭᠤᠨ ᠲᠠᠯ᠎ᠠ ᠳᠤ ᠵᠠᠯᠠᠷᠠᠭᠰᠠᠨ᠃ 2 ᠠᠷᠢᠭᠤᠨ ᠭᠠᠵᠠᠷ᠂ ᠲᠤᠬᠠᠢᠯᠠᠪᠠᠯ ᠬᠥᠮᠦᠨ ᠦ ᠪᠠᠷᠢᠭᠰᠠᠨ ᠪᠢᠰᠢ᠂ ᠬᠠᠷᠢᠨ ᠡᠵᠡᠨ ᠦ ᠪᠠᠷᠢᠭᠰᠠᠨ ᠵᠢᠩᠬᠢᠨᠢ ᠴᠠᠴᠠᠷ ᠤᠨ ᠵᠠᠷᠤᠴᠠ ᠪᠣᠯ ᠲᠡᠷᠡ᠃ 3 ᠲᠡᠷᠢᠭᠦᠨ ᠲᠠᠬᠢᠯᠴᠢ ᠪᠦᠬᠦᠨ ᠡᠷᠭᠦᠯ ᠪᠠ ᠲᠠᠬᠢᠯ ᠡᠷᠭᠦᠬᠦ ᠪᠡᠷ ᠲᠣᠮᠢᠯᠠᠭᠳᠠᠭᠰᠠᠨ ᠶᠤᠮ᠃ ᠲᠡᠢᠮᠦ ᠡᠴᠡ ᠨᠥᠭᠥᠭᠡ ᠲᠠᠬᠢᠯᠴᠢ ᠴᠤ ᠡᠷᠭᠦᠬᠦ ᠶᠠᠭᠤᠮ᠎ᠠ ᠲᠠᠢ ᠪᠠᠢᠬᠤ ᠬᠡᠷᠡᠭᠲᠡᠢ᠃ 4 ᠬᠡᠷᠪᠡ ᠲᠡᠷᠡ ᠭᠠᠵᠠᠷ ᠳᠡᠭᠡᠷ᠎ᠡ ᠪᠠᠢᠭᠰᠠᠨ ᠪᠣᠯ᠂ ᠲᠠᠬᠢᠯᠴᠢ ᠪᠢᠰᠢ ᠪᠠᠢᠬᠤ ᠪᠠᠢᠭᠰᠠᠨ᠃ ᠤᠴᠢᠷ ᠨᠢ ᠬᠠᠤᠯᠢ ᠶᠣᠰᠣᠭᠠᠷ ᠡᠷᠭᠦᠯ ᠡᠷᠭᠦᠳᠡᠭ ᠲᠠᠬᠢᠯᠴᠢᠳ ᠲᠡᠨᠳᠡ ᠪᠠᠢᠳᠠᠭ᠃ 5 ᠬᠠᠷᠢᠨ ᠲᠡᠳᠡᠨ ᠦ ᠦᠢᠯᠡᠴᠢᠯᠡᠳᠡᠭ᠌ ᠭᠠᠵᠠᠷ ᠪᠣᠯ ᠲᠩᠷᠢ ᠳᠡᠭᠡᠷᠡᠬᠢ ᠶᠠᠭᠤᠮᠠᠰ ᠤᠨ ᠬᠠᠭᠤᠯᠪᠤᠷᠢ ᠪᠤᠶᠤ ᠰᠡᠭᠦᠳᠡᠷ ᠶᠤᠮ᠃ ᠲᠡᠢᠮᠦ ᠡᠴᠡ ᠮᠣᠰᠧ ᠴᠠᠴᠠᠷ ᠪᠣᠰᠬᠠᠬᠤ ᠭᠡᠵᠦ ᠪᠠᠢᠬᠤ ᠳᠤ᠂ ᠪᠤᠷᠬᠠᠨ ᠲᠡᠭᠦᠨ ᠳᠦ᠄ 《ᠠᠭᠤᠯᠠᠨ ᠳᠡᠭᠡᠷ᠎ᠡ ᠮᠢᠨᠦ ᠦᠵᠡᠭᠦᠯᠦᠭᠰᠡᠨ ᠢ ᠴᠢ ᠠᠩ᠋ᠬᠠᠷᠴᠤ ᠪᠦᠭᠦᠳᠡ ᠶᠢ ᠲᠡᠷᠡ ᠶᠣᠰᠣᠭᠠᠷ ᠬᠢ》 ᠭᠡᠵᠦ ᠵᠢᠭᠠᠪᠤᠷᠢᠯᠠᠵᠠᠢ᠃ 6 ᠬᠠᠷᠢᠨ ᠡᠳᠦᠭᠡ ᠢᠰᠦ᠋ᠰ ᠨᠡᠩ ᠡᠷᠬᠢᠮ ᠲᠤᠰᠢᠶᠠᠯ ᠢ ᠣᠯᠪᠠ᠃ ᠲᠡᠷᠡ ᠨᠡᠩ ᠰᠠᠢᠨ ᠠᠮᠠᠯᠠᠯᠲᠠ ᠳᠡᠭᠡᠷ᠎ᠡ ᠪᠠᠢᠭᠤᠯᠤᠭᠰᠠᠨ ᠨᠡᠩ ᠰᠠᠢᠨ ᠭᠡᠷ᠎ᠡ ᠶᠢᠨ ᠵᠠᠭᠤᠴᠢ ᠪᠣᠯᠣᠭᠰᠠᠨ᠃ 7 ᠬᠡᠷᠪᠡ ᠠᠩ᠋ᠬᠠᠨ ᠤ ᠭᠡᠷ᠎ᠡ ᠨᠢ ᠥ ᠦᠭᠡᠢ ᠪᠠᠢᠭᠰᠠᠨ ᠪᠣᠯ᠂ ᠬᠣᠶᠠᠳᠠᠬᠢ ᠭᠡᠷ᠎ᠡ ᠶᠢ ᠬᠡᠷᠡᠭᠰᠡᠬᠦ ᠦᠭᠡᠢ ᠪᠠᠢᠭᠰᠠᠨ ᠶᠤᠮ᠃

8 ᠭᠡᠬᠦ ᠳᠡᠭᠡᠨ ᠪᠤᠷᠬᠠᠨ ᠲᠡᠳᠡᠨ ᠦ ᠪᠤᠷᠤᠭᠤ ᠶᠢ ᠬᠠᠷᠠᠵᠤ᠄ 《ᠬᠠᠷᠠ᠂ ᠡᠵᠡᠨ ᠠᠢᠯᠠᠳᠴᠤ ᠪᠠᠢᠨ᠎ᠠ᠂ ᠪᠢ ᠢᠰᠷᠧᠯ ᠤᠨ ᠭᠡᠷ ᠪᠣᠯᠣᠨ ᠶᠦᠳᠠ ᠶᠢᠨ ᠭᠡᠷ ᠲᠡᠢ ᠰᠢᠨ᠎ᠡ ᠭᠡᠷ᠎ᠡ ᠪᠠᠢᠭᠤᠯᠤᠨ᠎ᠠ᠃ ᠲᠡᠷᠡ ᠡᠳᠦᠷ ᠤᠳ ᠢᠷᠡᠵᠦ ᠪᠠᠢᠨ᠎ᠠ᠂
9 ᠲᠡᠷᠡ ᠭᠡᠷ᠎ᠡ ᠪᠣᠯ ᠪᠢ ᠲᠡᠳᠡᠨ ᠦ ᠡᠴᠢᠭᠡ ᠡᠪᠦᠭᠡᠳ ᠢ ᠭᠠᠷ ᠠᠴᠠ ᠨᠢ ᠬᠥᠲᠥᠯᠵᠦ ᠶᠧᠵᠢᠫᠲ ᠡᠴᠡ ᠭᠠᠷᠭᠠᠬᠤ ᠳᠠᠭᠠᠨ ᠲᠡᠳᠡᠨ ᠯᠦᠭᠡ ᠪᠠᠢᠭᠤᠯᠤᠭᠰᠠᠨ ᠭᠡᠷ᠎ᠡ ᠲᠠᠢ ᠮᠢᠨᠢ ᠠᠳᠠᠯᠢ ᠦᠭᠡᠢ᠂ ᠲᠡᠳᠡ ᠮᠢᠨᠦ ᠭᠡᠷ᠎ᠡ ᠳᠦ ᠢᠲᠡᠭᠡᠮᠵᠢ ᠦᠭᠡᠢ ᠪᠠᠢᠭᠰᠠᠨ ᠪᠠ ᠪᠢ ᠴᠤ ᠲᠡᠳᠡᠨ ᠢ ᠦᠯᠦ ᠣᠢᠰᠢᠶᠠᠪᠠ᠃
10 ᠡᠵᠡᠨ ᠠᠢᠯᠠᠳᠴᠤ ᠪᠠᠢᠨ᠎ᠠ᠂ ᠲᠡᠷᠡ ᠡᠳᠦᠷ ᠤᠳ ᠤᠨ ᠳᠠᠷᠠᠭ᠎ᠠ ᠢᠰᠷᠧᠯ ᠤᠨ ᠭᠡᠷ ᠲᠡᠢ ᠮᠢᠨᠦ ᠪᠠᠢᠭᠤᠯᠬᠤ ᠭᠡᠷ᠎ᠡ ᠪᠣᠯ ᠡᠨᠡ᠄ ᠪᠢ ᠬᠠᠤᠯᠢ ᠪᠠᠨ ᠲᠡᠳᠡᠨ ᠦ ᠳᠣᠲᠣᠷ᠎ᠠ ᠬᠢᠵᠦ ᠵᠢᠷᠦᠬᠡᠨ ᠳᠡᠭᠡᠷ᠎ᠡ ᠨᠢ ᠪᠢᠴᠢᠨ᠎ᠡ ᠡᠢᠨ ᠬᠦ ᠪᠢ ᠲᠡᠳᠡᠨ ᠦ ᠪᠤᠷᠬᠠᠨ ᠲᠡᠳᠡ ᠮᠢᠨᠦ ᠠᠷᠠᠳ ᠲᠦᠮᠡᠨ ᠪᠣᠯᠬᠤ ᠪᠥᠭᠡᠳ
11 ᠬᠡᠦᠬᠡᠳ ᠨᠠᠰᠤᠲᠠᠳ ᠦᠭᠡᠢ ᠪᠦᠭᠦᠳᠡᠭᠡᠷ ᠨᠠᠮᠠᠶᠢ ᠮᠡᠳᠡᠬᠦ ᠲᠤᠯᠠ ᠬᠥᠮᠦᠨ ᠬᠥᠷᠰᠢ ᠪᠣᠯᠣᠨ ᠠᠬ᠎ᠠ ᠳᠡᠭᠦᠦ ᠳᠡᠭᠡᠨ᠄ 〈ᠡᠵᠡᠨ ᠢ ᠮᠡᠳᠡ〉 ᠭᠡᠵᠦ ᠵᠢᠭᠠᠬᠤ ᠬᠡᠷᠡᠭ ᠦᠭᠡᠢ ᠪᠣᠯᠣᠨ᠎ᠠ᠂
12 ᠲᠡᠢᠨ ᠬᠦ ᠪᠢ ᠲᠡᠳᠡᠨ ᠦ ᠭᠡᠮ ᠪᠤᠷᠤᠭᠤ ᠶᠢ ᠠᠭᠤᠴᠢᠯᠠᠵᠤ᠂ ᠲᠡᠳᠡᠨ ᠦ ᠨᠢᠭᠦᠯ ᠢ ᠳᠠᠬᠢᠨ ᠬᠡᠵᠢᠶ᠎ᠡ ᠴᠤ ᠰᠠᠨᠠᠬᠤ ᠦᠭᠡᠢ》 ᠭᠡᠵᠡᠢ᠃
13 ᠪᠤᠷᠬᠠᠨ ᠡᠨᠡ ᠭᠡᠷ᠎ᠡ ᠶᠢ 《ᠰᠢᠨ᠎ᠡ》 ᠭᠡᠵᠦ ᠬᠡᠯᠡᠭᠰᠡᠨ ᠢᠶᠡᠷ ᠢᠶᠠᠨ ᠠᠩ᠋ᠬᠠᠨ ᠤ ᠬᠢ ᠶᠢ ᠬᠠᠭᠤᠴᠢᠷᠠᠭᠰᠠᠨ ᠭᠡᠵᠦ ᠲᠤᠩ᠋ᠬᠠᠭᠯᠠᠭᠰᠠᠨ ᠬᠡᠷᠡᠭ᠂ ᠬᠠᠭᠤᠴᠢᠷᠠᠵᠤ ᠳᠣᠷᠣᠢᠲᠠᠵᠤ ᠪᠤᠢ ᠨᠢ ᠤᠳᠠᠯ ᠦᠭᠡᠢ ᠦᠵᠡᠭᠳᠡᠬᠦ ᠦᠭᠡᠢ ᠪᠣᠯᠳᠠᠭ᠃