ᠽᠧᠺᠠᠷᠢᠶ᠎ᠠ ᠲᠠᠪᠤ
ᠨᠢᠰᠴᠦ ᠪᠤᠢ ᠬᠤᠢᠯᠠᠮᠠᠯ ᠨᠣᠮ
1 ᠪᠢ ᠳᠠᠬᠢᠨ ᠨᠢᠳᠦ ᠪᠡᠨ ᠡᠷᠭᠦᠨ ᠦᠵᠡᠪᠡ᠃ ᠬᠠᠷ᠎ᠠ᠂ ᠨᠢᠰᠴᠦ ᠪᠤᠢ ᠬᠤᠢᠯᠠᠮᠠᠯ ᠨᠣᠮ ᠪᠠᠢᠯ᠎ᠠ᠃ 2 ᠲᠡᠷᠡ ᠨᠠᠳᠠ ᠳᠤ᠄ 《ᠴᠢ ᠶᠠᠭᠤ ᠬᠠᠷᠠᠵᠤ ᠪᠠᠢᠨ᠎ᠠ ᠪᠤᠢ︖》 ᠭᠡᠰᠡᠨ ᠳᠦ᠂ ᠪᠢ᠄ 《ᠨᠢᠰᠴᠦ ᠪᠤᠢ ᠬᠤᠢᠯᠠᠮᠠᠯ ᠨᠣᠮ ᠬᠠᠷᠠᠵᠤ ᠪᠠᠢᠨ᠎ᠠ᠃ ᠤᠷᠲᠤ ᠨᠢ ᠬᠣᠷᠢᠨ ᠲᠣᠬᠣᠢ᠂ ᠥᠷᠭᠡᠨ ᠨᠢ ᠠᠷᠪᠠᠨ ᠲᠣᠬᠣᠢ ᠪᠠᠢᠨ᠎ᠠ》 ᠭᠡᠪᠡ᠃ 3 ᠲᠡᠷᠡ ᠨᠠᠳᠠ ᠳᠤ᠄ 《ᠲᠡᠷᠡ ᠪᠣᠯ ᠪᠦᠬᠦᠢᠯᠡ ᠭᠠᠵᠠᠷ ᠤᠨ ᠭᠠᠳᠠᠷᠭᠤ ᠳᠡᠭᠡᠷ᠎ᠡ ᠭᠠᠷᠬᠤ ᠬᠠᠷᠢᠶᠠᠯ ᠶᠤᠮ᠃ ᠨᠣᠮ ᠤᠨ ᠨᠢᠭᠡ ᠲᠠᠯ᠎ᠠ ᠳᠡᠭᠡᠷ᠎ᠡ ᠪᠢᠴᠢᠭᠳᠡᠭᠰᠡᠨ ᠶᠣᠰᠣᠭᠠᠷ ᠬᠤᠯᠠᠭᠠᠢᠴᠢ ᠪᠦᠭᠦᠳᠡ ᠠᠷᠢᠯᠭᠠᠭᠳᠠᠵᠤ᠂ ᠨᠥᠭᠥᠭᠡ ᠲᠠᠯ᠎ᠠ ᠳᠡᠭᠡᠷ᠎ᠡ ᠨᠢ ᠪᠢᠴᠢᠭᠳᠡᠭᠰᠡᠨ ᠦ ᠳᠠᠭᠠᠤ ᠲᠠᠩ᠋ᠭᠠᠷᠢᠭ ᠲᠠᠯᠪᠢᠭᠴᠢ ᠪᠦᠭᠦᠳᠡ ᠠᠷᠢᠯᠭᠠᠭᠳᠠᠨᠠ᠃ 4 ᠪᠢ ᠲᠡᠭᠦᠨ ᠢ ᠭᠠᠷᠭᠠᠭᠰᠠᠨ᠂ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠂ 〈ᠲᠡᠷᠡ ᠨᠢ ᠬᠤᠯᠠᠭᠠᠢᠴᠢ ᠶᠢᠨ ᠭᠡᠷ ᠲᠦ ᠪᠣᠯᠣᠨ ᠮᠢᠨᠦ ᠨᠡᠷ᠎ᠡ ᠪᠡᠷ ᠬᠠᠭᠤᠷᠮᠠᠭ ᠢᠶᠠᠷ ᠲᠠᠩ᠋ᠭᠠᠷᠢᠭᠯᠠᠭᠴᠢ ᠶᠢᠨ ᠭᠡᠷ ᠲᠦ ᠣᠷᠣᠪᠠᠯ ᠭᠡᠷ ᠦᠨ ᠬᠢᠨᠢ ᠳᠣᠲᠣᠷ᠎ᠠ ᠪᠠᠢᠵᠤ ᠪᠠᠢᠭᠠᠳ ᠲᠡᠭᠦᠨ ᠢ ᠮᠣᠳᠣ ᠴᠢᠯᠠᠭᠤ ᠲᠠᠢ ᠨᠢ ᠬᠠᠮᠲᠤ ᠰᠥᠨᠥᠭᠡᠨ᠎ᠡ〉》 ᠭᠡᠪᠡ᠃
ᠰᠠᠪᠠ ᠶᠢᠨ ᠳᠣᠲᠣᠷᠠᠬᠢ ᠡᠮᠡᠭᠲᠡᠢ
5 ᠨᠠᠳᠠ ᠲᠠᠢ ᠶᠠᠷᠢᠯᠴᠠᠵᠤ ᠪᠠᠢᠭᠰᠠᠨ ᠲᠩᠷᠢ ᠡᠯᠴᠢ ᠭᠠᠷᠴᠤ ᠢᠷᠡᠭᠡᠳ᠂ ᠨᠠᠳᠠ ᠳᠤ᠄ 《ᠨᠢᠳᠦ ᠪᠡᠨ ᠡᠷᠭᠦ᠂ ᠶᠠᠭᠤ ᠭᠠᠷᠴᠤ ᠢᠷᠡᠵᠦ ᠪᠠᠢᠭ᠎ᠠ ᠶᠢ ᠬᠠᠷ᠎ᠠ》 ᠭᠡᠯᠡ᠃ 6 ᠪᠢ᠄ 《ᠶᠠᠭᠤ ᠪᠤᠢ︖》 ᠭᠡᠬᠦ ᠳᠦ᠂ ᠲᠡᠷᠡ᠄ 《ᠬᠡᠮᠵᠢᠭᠦᠷ ᠦᠨ ᠰᠠᠪᠠ ᠭᠠᠷᠴᠤ ᠪᠠᠢᠨ᠎ᠠ》 ᠭᠡᠳ ᠳᠠᠬᠢᠨ᠄ 《ᠡᠨᠡ ᠪᠣᠯ ᠪᠦᠬᠦ ᠳᠡᠯᠡᠬᠡᠢ ᠶᠢᠨ ᠭᠡᠮ 3 》 ᠭᠡᠯᠡ᠃ 7 ᠬᠠᠷ᠎ᠠ᠂ ᠲᠤᠭᠤᠯᠭᠠᠨ ᠬᠠᠪᠬᠠᠭᠠᠰᠤ ᠡᠷᠭᠦᠭᠳᠡᠪᠡ᠂ ᠲᠡᠷᠡ ᠰᠠᠪᠠ ᠶᠢᠨ ᠳᠣᠲᠣᠷ᠎ᠠ ᠨᠢᠭᠡᠨ ᠡᠮᠡᠭᠲᠡᠢ ᠰᠠᠭᠤᠵᠤ ᠪᠠᠢᠯ᠎ᠠ᠃ 8 ᠲᠡᠷᠡ᠄ 《ᠡᠨᠡ ᠪᠣᠯ ᠬᠣᠷᠣᠨ ᠮᠠᠭᠤ ᠶᠤᠮ》 ᠭᠡᠳ ᠲᠡᠷᠡ ᠡᠮᠡᠭᠲᠡᠢ ᠶᠢ ᠰᠠᠪᠠ ᠶᠢᠨ ᠳᠣᠲᠣᠷ᠎ᠠ ᠬᠠᠶᠠᠵᠤ᠂ ᠠᠮᠠᠰᠠᠷ ᠢ ᠨᠢ ᠲᠤᠭᠤᠯᠭᠠᠨ ᠬᠠᠪᠬᠠᠭᠠᠰᠤ ᠪᠠᠷ ᠪᠢᠲᠡᠭᠦᠯᠡᠪᠡ᠃ 9 ᠪᠢ ᠨᠢᠳᠦ ᠡᠷᠭᠦᠨ ᠦᠵᠡᠪᠡ᠃ ᠬᠠᠷ᠎ᠠ᠂ ᠳᠠᠯᠠᠪᠴᠢ ᠪᠠᠷ ᠢᠶᠠᠨ ᠰᠠᠯᠬᠢ ᠲᠠᠲᠠᠭᠤᠯᠤᠨ ᠢᠷᠡᠵᠦ ᠪᠤᠢ ᠬᠣᠶᠠᠷ ᠡᠮᠡᠭᠲᠡᠢ ᠪᠠᠢᠪᠠ᠃ ᠲᠡᠳᠡᠨ ᠦ ᠳᠠᠯᠠᠪᠴᠢ ᠥᠷᠪᠢ ᠲᠠᠰ ᠤᠨ ᠳᠠᠯᠠᠪᠴᠢ ᠮᠡᠲᠦ ᠪᠠᠢᠯ᠎ᠠ᠃ ᠲᠡᠳᠡ ᠨᠥᠭᠥᠭᠡ ᠰᠠᠪᠠ ᠶᠢ ᠭᠠᠵᠠᠷ ᠲᠩᠷᠢ ᠶᠢᠨ ᠬᠣᠭᠣᠷᠣᠨᠳᠣ ᠡᠷᠭᠦᠪᠡ᠃ 10 ᠪᠢ ᠨᠠᠳᠠ ᠲᠠᠢ ᠶᠠᠷᠢᠯᠴᠠᠵᠤ ᠪᠠᠢᠭᠰᠠᠨ ᠲᠩᠷᠢ ᠡᠯᠴᠢ ᠳᠤ᠄ 《ᠲᠡᠳᠡ ᠰᠠᠪᠠ ᠶᠢ ᠬᠠᠮᠢᠭ᠎ᠠ ᠠᠪᠠᠴᠢᠬᠤ ᠭᠡᠵᠦ ᠪᠠᠢᠨ᠎ᠠ ᠪᠤᠢ︖》 ᠭᠡᠰᠡᠨ ᠳᠦ᠂ 11 ᠲᠡᠷᠡ ᠪᠡᠷ᠄ 《ᠪᠠᠪᠢᠯᠣᠨ ᠨᠤᠲᠤᠭ ᠲᠤ ᠠᠪᠠᠴᠢᠵᠤ ᠰᠠᠪᠠ ᠳᠤ ᠵᠣᠷᠢᠭᠤᠯᠤᠨ ᠭᠡᠷ ᠪᠠᠷᠢᠬᠤ ᠪᠣᠯᠣᠨ᠎ᠠ᠃ ᠭᠡᠷ ᠪᠡᠯᠡᠨ ᠪᠣᠯᠣᠮᠠᠭᠴᠠ ᠲᠡᠷᠡ ᠰᠠᠪᠠ ᠥᠪᠡᠷ ᠦᠨ ᠢᠶᠠᠨ ᠰᠠᠭᠤᠷᠢᠨ ᠳᠤ ᠰᠠᠭᠤᠬᠤ ᠪᠣᠯᠣᠨ᠎ᠠ》 ᠭᠡᠪᠡ᠃