ᠽᠧᠺᠠᠷᠢᠶ᠎ᠠ ᠶᠢᠰᠦ
ᠳᠠᠷᠤᠤ ᠬᠠᠭᠠᠨ ᠢᠯᠠᠨ᠎ᠠ
1 ᠠᠷᠠᠮ 5 ᠨᠤᠲᠤᠭ ᠤᠨ ᠡᠰᠡᠷᠭᠦ᠂ ᠳ᠋ᠠᠮᠠᠰᠺᠦ᠋ᠰ ᠤᠨ ᠲᠤᠬᠠᠢ ᠶᠣᠬᠣᠸᠠ ᠶᠢᠨ ᠦᠭᠡ ᠶᠢᠨ ᠰᠡᠷᠡᠮᠵᠢᠯᠡᠭᠦᠯᠦᠯᠭᠡ᠄ (ᠦᠨᠡᠬᠡᠷ ᠶᠣᠬᠣᠸᠠ ᠶᠢᠨ ᠮᠡᠯᠮᠡᠢ ᠬᠥᠮᠦᠨ ᠲᠥᠷᠥᠯᠬᠢᠲᠡᠨ ᠦ ᠳᠡᠭᠡᠷ᠎ᠡ᠂ ᠢᠰᠷᠧᠯ ᠤᠨ ᠪᠦᠬᠦ ᠣᠪᠣᠭ ᠤᠨ ᠳᠡᠭᠡᠷ᠎ᠡ᠂
2 ᠮᠥᠨ ᠲᠡᠭᠦᠨ ᠲᠡᠢ ᠬᠢᠯᠢᠯᠡᠳᠡᠭ ᠬᠠᠮᠠᠲ ᠪᠣᠯᠣᠨ ᠥᠪᠡᠷ ᠢ ᠪᠠᠨ ᠤᠬᠠᠭᠠᠨ ᠲᠠᠢ ᠭᠡᠳᠡᠭ ᠲᠢᠷ᠂ ᠰᠢᠢᠳᠣᠨ ᠳᠡᠭᠡᠷ᠎ᠡ ᠴᠤ ᠪᠠᠢᠳᠠᠭ)
3 ᠲᠢᠷ ᠥᠪᠡᠷ ᠲᠡᠭᠡᠨ ᠪᠡᠬᠢᠯᠡᠯᠲᠡ ᠪᠣᠰᠬᠠᠪᠠ ᠮᠥᠩᠭᠥ ᠶᠢ ᠰᠢᠷᠣᠢ ᠮᠡᠲᠦ ᠠᠯᠲᠠ ᠶᠢ ᠭᠤᠳᠤᠮᠵᠢᠨ ᠤ ᠰᠢᠪᠠᠷ ᠮᠡᠲᠦ ᠣᠪᠣᠭᠠᠯᠠᠪᠠ᠃
4 ᠬᠠᠷ᠎ᠠ᠂ ᠶᠣᠬᠣᠸᠠ ᠲᠡᠭᠦᠨ ᠦ ᠡᠵᠡᠮᠰᠢᠯ ᠢ ᠬᠤᠷᠢᠶᠠᠨ ᠡᠳ᠋ ᠪᠠᠶᠠᠯᠢᠭ ᠢ ᠨᠢ ᠳᠠᠯᠠᠢ ᠳᠤ ᠬᠠᠶᠠᠨ᠎ᠠ ᠲᠡᠷᠡ ᠭᠠᠯ ᠳᠤ ᠰᠢᠲᠠᠭᠠᠭᠳᠠᠨ᠎ᠠ᠃
5 ᠡᠭᠦᠨ ᠢ ᠬᠠᠷᠠᠭᠠᠳ ᠠᠱᠺᠧᠯᠣᠨ ᠠᠶᠤᠵᠤ ᠭᠠᠽᠠ ᠭᠤᠲᠤᠷᠠᠵᠤ ᠡᠺᠷᠣᠨ ᠴᠤ ᠭᠣᠷᠢᠳᠠᠯᠭ᠎ᠠ ᠲᠠᠰᠤᠷᠠᠨ ᠭᠤᠲᠤᠷᠠᠨ᠎ᠠ ᠭᠠᠽᠠ ᠬᠠᠭᠠᠨ ᠦᠭᠡᠢ ᠪᠣᠯᠵᠤ ᠠᠱᠺᠧᠯᠣᠨ ᠳᠤ ᠬᠥᠮᠦᠨ ᠰᠠᠭᠤᠷᠢᠰᠢᠬᠤ ᠪᠠᠨ ᠪᠣᠯᠢᠵᠤ
6 ᠠᠱᠳᠣᠳ᠋ ᠲᠤ ᠡᠷᠯᠢᠰᠡ ᠨᠦᠭᠦᠳ ᠯᠠ ᠰᠠᠭᠤᠷᠢᠰᠢᠨ᠎ᠠ ᠲᠡᠢᠨ ᠬᠦ ᠪᠢ ᠹᠢᠯᠢᠰᠲ᠋ᠴᠦᠳ ᠦᠨ ᠪᠠᠷᠳᠠᠮᠨᠠᠯ ᠢ ᠡᠴᠦᠰᠯᠡᠭᠦᠯᠵᠦ
7 ᠠᠮᠠᠨ ᠠᠴᠠ ᠨᠢ ᠴᠢᠰᠤ ᠶᠢ᠂ ᠰᠢᠳᠦᠨ ᠦ ᠬᠢᠨᠢ ᠵᠠᠪᠰᠠᠷ ᠠᠴᠠ ᠵᠢᠭᠰᠢᠭᠦᠷᠢ ᠶᠢ ᠵᠠᠢᠯᠠᠭᠤᠯᠤᠨ᠎ᠠ ᠡᠢᠨ ᠬᠦ ᠲᠡᠳᠡᠨ ᠡᠴᠡ ᠦᠯᠡᠳᠡᠭᠰᠡᠳ ᠴᠤ ᠮᠠᠨ ᠤ ᠪᠤᠷᠬᠠᠨ ᠤ ᠬᠢ ᠶᠦᠳᠠ ᠶᠢᠨ ᠨᠢᠭᠡ ᠠᠢᠮᠠᠭ ᠮᠡᠲᠦ ᠪᠣᠯᠵᠤ ᠡᠺᠷᠣᠨ ᠨᠢ ᠶᠧᠪᠦ᠋ᠰᠴᠦᠳ ᠰᠢᠭ᠋ ᠪᠣᠯᠣᠨ᠎ᠠ᠃
8 ᠭᠡᠪᠡᠴᠦ ᠪᠢ ᠳᠡᠭᠡᠷᠡᠮ ᠦᠨ ᠴᠡᠷᠢᠭ ᠡᠴᠡ ᠭᠡᠷ ᠢᠶᠡᠨ ᠬᠠᠮᠠᠭᠠᠯᠠᠨ᠎ᠠ ᠳᠠᠷᠤᠯᠠᠭᠴᠢ ᠨᠢ ᠠᠷᠠᠳ ᠲᠦᠮᠡᠨ ᠦ ᠳᠤᠮᠳᠠᠭᠤᠷ ᠳᠠᠬᠢᠨ ᠥᠩᠭᠡᠷᠡᠬᠦ ᠦᠭᠡᠢ ᠡᠳᠦᠭᠡ ᠪᠢ ᠨᠢᠳᠦ ᠪᠡᠷ ᠢᠶᠠᠨ ᠬᠠᠷᠠᠭᠤᠯᠳᠠᠨ᠎ᠠ
9 ᠦᠯᠡᠮᠵᠢ ᠶᠡᠬᠡ ᠪᠡᠷ ᠪᠠᠶᠠᠷᠯᠠ᠂ ᠽᠢᠶᠣᠨ ᠥᠬᠢᠨ ᠡ︕ ᠤᠤᠬᠠᠢᠯᠠ᠂ ᠶᠧᠷᠦ᠋ᠰᠠᠯᠧᠮ ᠥᠬᠢᠨ ᠡ︕ ᠬᠠᠷ᠎ᠠ᠂ ᠵᠥᠪᠲᠦ 6 ᠂ ᠠᠪᠤᠷᠠᠯ ᠲᠠᠢ 7 ᠳᠥᠯᠭᠡᠨ ᠬᠠᠭᠠᠨ ᠴᠢᠨᠢ ᠡᠯᠵᠢᠭᠡᠨ ᠳᠡᠭᠡᠷ᠎ᠡ᠂ ᠡᠯᠵᠢᠭᠡᠨ ᠳᠠᠭ᠎ᠠ ᠶᠢᠨ ᠳᠡᠭᠡᠷ᠎ᠡ ᠤᠨᠤᠵᠤ ᠴᠢᠮ᠎ᠠ ᠤᠷᠤᠭᠤ ᠠᠢᠰᠤᠢ᠃
10 ᠪᠢ ᠡᠹᠷᠠᠢᠮ ᠠᠴᠠ ᠲᠡᠷᠭᠡ ᠶᠢ ᠶᠧᠷᠦ᠋ᠰᠠᠯᠧᠮ ᠡᠴᠡ ᠳᠠᠢᠨ ᠤ ᠮᠣᠷᠢ ᠶᠢ ᠠᠷᠢᠯᠭᠠᠨ᠎ᠠ ᠳᠠᠢᠨ ᠤ ᠨᠤᠮᠤ ᠠᠷᠢᠯᠬᠤ ᠪᠣᠯᠣᠨ᠎ᠠ ᠲᠡᠷᠡ ᠪᠡᠷ ᠦᠨᠳᠦᠰᠦᠲᠡᠨ ᠨᠦᠭᠦᠳ ᠲᠦ ᠡᠩᠬᠡ ᠲᠠᠢᠪᠤᠩ ᠢ ᠲᠤᠩ᠋ᠬᠠᠭᠯᠠᠨ᠎ᠠ ᠲᠡᠭᠦᠨ ᠦ ᠨᠣᠶᠠᠷᠬᠠᠯ ᠲᠠᠩᠭᠢᠰ ᠠᠴᠠ ᠲᠠᠩᠭᠢᠰ ᠮᠥᠷᠡᠨ ᠦ ᠴᠠᠭᠠᠨ᠎ᠠ᠂ ᠭᠠᠵᠠᠷ ᠤᠨ ᠬᠢᠵᠠᠭᠠᠷ ᠲᠤ ᠬᠦᠷᠦᠨ᠎ᠡ᠃
11 ᠴᠢᠨᠦ ᠬᠤᠪᠢ ᠳᠤ ᠪᠢ ᠴᠢᠮ᠎ᠠ ᠯᠤᠭ᠎ᠠ ᠴᠢᠰᠤᠨ ᠭᠡᠷ᠎ᠡ ᠪᠠᠢᠭᠤᠯᠤᠭᠰᠠᠨ ᠲᠤᠯᠠ ᠪᠢ ᠴᠢᠨᠦ ᠬᠣᠷᠢᠭᠳᠠᠯ ᠤᠳ ᠢ ᠤᠰᠤ ᠦᠭᠡᠢ ᠨᠦᠬᠡᠨ ᠡᠴᠡ ᠭᠠᠷᠭᠠᠨ᠎ᠠ᠃
12 ᠡᠷᠡᠮᠡᠯᠵᠡᠯ ᠲᠡᠢ ᠪᠠᠢᠳᠠᠭ ᠬᠣᠷᠢᠭᠳᠠᠯ ᠤᠳ ᠡ︕ ᠪᠡᠬᠢᠯᠡᠯᠲᠡ ᠤᠷᠤᠭᠤ ᠪᠠᠨ ᠪᠤᠴᠠ ᠥᠨᠥᠳᠥᠷ ᠪᠢ ᠲᠤᠩ᠋ᠬᠠᠭᠯᠠᠶ᠎ᠠ ᠪᠢ ᠴᠢᠮ᠎ᠠ ᠳᠤ ᠳᠠᠬᠢᠨ ᠢᠯᠡᠭᠦᠦ ᠪᠡᠷ ᠪᠤᠴᠠᠭᠠᠵᠤ ᠥᠭᠭᠥᠨ᠎ᠡ᠃
13 ᠶᠦᠳᠠ ᠶᠢ ᠪᠢ ᠥᠪᠡᠷ ᠦᠨ ᠢᠶᠠᠨ ᠨᠤᠮᠤ ᠪᠣᠯᠭᠠᠨ ᠲᠠᠲᠠᠵᠤ ᠡᠹᠷᠠᠢᠮ ᠢ ᠰᠤᠮᠤ ᠪᠣᠯᠭᠠᠨ ᠪᠡᠯᠡᠳᠬᠡᠨ᠎ᠡ ᠽᠢᠶᠣᠨ ᠡ᠂ ᠪᠢ ᠴᠢᠨᠦ ᠬᠥᠪᠡᠭᠦᠳ ᠢ ᠥᠳᠥᠭᠡᠨ ᠭᠷᠧᠭ ᠤᠨ ᠬᠥᠪᠡᠭᠦᠳ ᠢ ᠴᠣᠬᠢᠭᠤᠯᠵᠤ ᠴᠢᠮ᠎ᠠ ᠶᠢ ᠢᠯᠳᠦ ᠪᠣᠯᠭᠠᠨ ᠳᠠᠯᠠᠢᠨᠠ
14 ᠶᠣᠬᠣᠸᠠ ᠲᠡᠳᠡᠨ ᠦ ᠳᠡᠭᠡᠷ᠎ᠡ ᠦᠵᠡᠭᠳᠡᠨ ᠰᠤᠮᠤ ᠪᠠᠨ ᠭᠢᠯᠪᠢᠭᠡᠨ ᠮᠡᠲᠦ ᠬᠠᠷᠪᠤᠨ᠎ᠠ ᠡᠵᠡᠨ ᠶᠣᠬᠣᠸᠠ ᠪᠦᠷᠢᠶ᠎ᠡ ᠦᠯᠢᠶᠡᠵᠦ ᠡᠮᠦᠨᠡᠲᠦ ᠶᠢᠨ ᠬᠤᠢ ᠰᠠᠯᠬᠢ ᠪᠠᠷ ᠳᠠᠪᠰᠢᠨ᠎ᠠ᠃
15 ᠠᠤᠭ᠎ᠠ ᠬᠦᠴᠦᠲᠦ ᠶᠣᠬᠣᠸᠠ ᠲᠡᠳᠡᠨ ᠢ ᠬᠠᠮᠠᠭᠠᠯᠠᠨ᠎ᠠ᠂ ᠲᠡᠭᠦᠨ ᠦ ᠳᠦᠦᠭᠡᠦᠷ ᠦᠨ ᠴᠢᠯᠠᠭᠤ ᠨᠤᠭᠤᠳ ᠴᠥᠯᠮᠥᠵᠦ ᠲᠠᠯᠬᠠᠯᠠᠬᠤ ᠪᠠ ᠤᠤᠬᠠᠢ ᠬᠠᠰᠬᠢᠷᠤᠨ ᠴᠢᠰᠤ ᠶᠢ ᠳᠠᠷᠠᠰᠤ ᠮᠡᠲᠦ ᠤᠤᠭᠤᠵᠤ ᠲᠡᠳᠡ ᠰᠠᠪᠠ ᠮᠡᠲᠦ ᠳᠦᠭᠦᠷᠭᠡᠭᠳᠡᠵᠦ ᠲᠠᠬᠢᠯ ᠤᠨ ᠰᠢᠷᠡᠭᠡᠨ ᠦ ᠥᠨᠴᠥᠭ ᠮᠡᠲᠦ ᠳᠡᠪᠲᠦᠨᠡ᠃
16 ᠲᠡᠳᠡᠨ ᠦ ᠪᠤᠷᠬᠠᠨ ᠶᠣᠬᠣᠸᠠ ᠲᠡᠷᠡ ᠡᠳᠦᠷ ᠠᠷᠠᠳ ᠲᠦᠮᠡᠨ ᠢᠶᠡᠨ ᠥᠪᠡᠷ ᠦᠨ ᠢᠶᠠᠨ ᠰᠦᠷᠦᠭ ᠢ ᠠᠪᠤᠷᠠᠬᠤ ᠰᠢᠭ᠋ ᠠᠪᠤᠷᠠᠨ᠎ᠠ ᠲᠡᠳᠡ ᠲᠢᠲᠢᠮ ᠤᠨ ᠴᠢᠯᠠᠭᠤ ᠮᠡᠲᠦ ᠲᠡᠭᠦᠨ ᠦ ᠨᠤᠲᠤᠭ ᠲᠤ ᠭᠢᠯᠠᠯᠵᠠᠬᠤ ᠪᠣᠯᠣᠨ᠎ᠠ᠃
17 ᠲᠡᠳᠡ ᠶᠠᠮᠠᠷ ᠰᠠᠢᠬᠠᠨ᠂ ᠶᠠᠮᠠᠷ ᠦᠵᠡᠰᠬᠦᠯᠡᠩ ᠲᠡᠢ ᠪᠠᠢᠬᠤ ᠪᠣᠯ ᠡ︕ ᠦᠷ᠎ᠡ ᠲᠠᠷᠢᠶ᠎ᠠ ᠬᠥᠪᠡᠭᠦᠳ ᠢ᠂ ᠰᠢᠨ᠎ᠡ ᠳᠠᠷᠠᠰᠤ ᠥᠬᠢᠳ ᠢ ᠬᠥᠭᠵᠢᠭᠡᠨ᠎ᠡ᠃