ᠽᠧᠺᠠᠷᠢᠶ᠎ᠠ ᠳᠣᠯᠣᠭ᠎ᠠ
ᠳᠤᠭᠤᠯᠭᠠᠪᠤᠷᠢᠲᠠᠢ ᠪᠠᠢᠬᠤ ᠨᠢ ᠪᠠᠴᠠᠭ ᠪᠠᠷᠢᠬᠤ ᠠᠴᠠ ᠳᠡᠭᠡᠷ᠎ᠡ
1 ᠳ᠋ᠠᠷᠢᠶᠦ᠋ ᠬᠠᠭᠠᠨ ᠤ ᠳᠥᠷᠪᠡᠳᠡᠬᠢ ᠵᠢᠯ ᠤᠨ ᠺᠢᠰᠯᠧᠸ ᠬᠡᠮᠡᠬᠦ ᠶᠢᠰᠦᠳᠦᠭᠡᠷ ᠰᠠᠷ᠎ᠠ ᠶᠢᠨ ᠳᠥᠷᠪᠡᠨ ᠳᠦ᠂ ᠶᠣᠬᠣᠸᠠ ᠶᠢᠨ ᠦᠭᠡ ᠽᠧᠺᠠᠷᠢᠶ᠎ᠠ ᠳᠤ ᠢᠷᠡᠪᠡ᠃ 2 ᠲᠡᠷᠡ ᠦᠶ᠎ᠡ ᠳᠦ ᠪᠧᠲ᠋ᠧᠯ ᠤᠨ ᠬᠢᠨ ᠱᠠᠷᠧᠽᠢᠷ᠂ ᠷᠧᠬᠧᠮ ᠮᠧᠯᠧᠺ ᠨᠠᠷ ᠢ ᠬᠠᠷᠢᠶ᠎ᠠ ᠬᠥᠮᠦᠰ ᠲᠡᠢ ᠨᠢ ᠬᠠᠮᠲᠤ ᠢᠯᠡᠭᠡᠭᠰᠡᠨ ᠪᠠᠢᠯ᠎ᠠ᠃ ᠲᠡᠳᠡ ᠶᠣᠬᠣᠸᠠ ᠶᠢᠨ ᠲᠠᠭᠠᠯᠠᠯ ᠢ ᠬᠦᠰᠡᠨ 3 ᠠᠤᠭ᠎ᠠ ᠬᠦᠴᠦᠲᠦ ᠶᠣᠬᠣᠸᠠ ᠶᠢᠨ ᠥᠷᠭᠥᠭᠡᠨ ᠳᠠᠬᠢ ᠲᠠᠬᠢᠯᠴᠢᠳ ᠪᠠ ᠡᠰᠢ ᠦᠵᠡᠭᠦᠯᠦᠭᠴᠢᠳ ᠲᠤ᠄ 《ᠮᠠᠨ ᠤ ᠬᠢᠨ ᠣᠯᠠᠨ ᠵᠢᠯ ᠤᠨ ᠲᠤᠷᠰᠢᠳᠠ ᠬᠢᠭᠰᠡᠭᠡᠷ ᠢᠷᠡᠭᠰᠡᠨ ᠰᠢᠭ ᠢᠶᠠᠨ ᠲᠠᠪᠤᠳᠤᠭᠠᠷ ᠰᠠᠷ᠎ᠠ ᠳᠤ ᠭᠠᠰᠢᠭᠤᠳᠠᠨ ᠪᠠᠴᠠᠭ ᠪᠠᠷᠢᠬᠤ ᠤᠤ︖》 ᠭᠡᠰᠡᠨ ᠠᠵᠢ᠃ 4 ᠠᠤᠭ᠎ᠠ ᠬᠦᠴᠦᠲᠦ ᠶᠣᠬᠣᠸᠠ ᠶᠢᠨ ᠦᠭᠡ ᠨᠠᠳᠠ ᠳᠤ ᠢᠷᠡᠵᠦ᠄ 5 《ᠴᠢ ᠡᠨᠡ ᠨᠤᠲᠤᠭ ᠤᠨ ᠪᠦᠬᠦ ᠠᠷᠠᠳ ᠲᠦᠮᠡᠨ ᠪᠣᠯᠣᠨ ᠲᠠᠬᠢᠯᠴᠢᠳ ᠲᠤ ᠶᠠᠷᠢ᠄ 〈ᠲᠠ ᠨᠠᠷ ᠡᠨᠡ ᠳᠠᠯᠠᠨ ᠵᠢᠯ ᠤᠨ ᠲᠤᠷᠰᠢ ᠲᠠᠪᠤ᠂ ᠳᠣᠯᠣᠳᠤᠭᠠᠷ ᠰᠠᠷ᠎ᠠ ᠳᠤ ᠪᠠᠴᠠᠭ ᠪᠠᠷᠢᠨ ᠭᠠᠰᠢᠭᠤᠳᠠᠬᠤ ᠳᠠᠭᠠᠨ ᠦᠨᠡᠬᠡᠷ ᠮᠢᠨᠦ ᠲᠥᠯᠥᠭᠡ ᠪᠠᠴᠠᠭ ᠪᠠᠷᠢᠭᠰᠠᠨ ᠭᠡᠵᠢ ᠤᠤ︖ 6 ᠢᠳᠡᠵᠦ ᠤᠤᠭᠤᠬᠤ ᠦᠶ᠎ᠡ ᠳᠡᠭᠡᠨ ᠲᠠ ᠨᠠᠷ ᠥᠪᠡᠷ ᠦᠨ ᠢᠶᠠᠨ ᠲᠥᠯᠥᠭᠡ ᠢᠳᠡᠵᠦ᠂ ᠥᠪᠡᠷ ᠦᠨ ᠢᠶᠠᠨ ᠲᠥᠯᠥᠭᠡ ᠤᠤᠭᠤᠳᠠᠭ ᠪᠢᠰᠢ ᠤᠤ︖ 7 ᠶᠧᠷᠦ᠋ᠰᠠᠯᠧᠮ ᠪᠣᠯᠣᠨ ᠡᠷᠭᠢᠨ ᠲᠣᠭᠣᠷᠢᠨ ᠤ ᠬᠢᠨᠢ ᠬᠣᠲᠠ ᠲᠣᠰᠬᠣᠳ ᠰᠠᠭᠤᠭᠠᠯᠢᠴᠢᠳ ᠲᠠᠢ᠂ ᠠᠮᠤᠷ ᠲᠠᠢᠪᠤᠩ ᠪᠠᠢᠵᠤ᠂ ᠡᠮᠦᠨ᠎ᠡ ᠪᠦᠰᠡ ᠪᠣᠯᠣᠨ ᠲᠠᠯ᠎ᠠ ᠭᠠᠵᠠᠷ ᠴᠤ ᠰᠠᠭᠤᠭᠠᠯᠢᠴᠢᠳ ᠲᠠᠢ ᠪᠠᠢᠬᠤ ᠦᠶ᠎ᠡ ᠳᠦ᠂ ᠲᠠ ᠨᠠᠷ ᠡᠷᠲᠡᠨ ᠦ ᠡᠰᠢ ᠦᠵᠡᠭᠦᠯᠦᠭᠴᠢᠳ ᠢᠶᠠᠷ ᠳᠠᠮᠵᠢᠭᠤᠯᠤᠨ ᠵᠠᠷᠯᠠᠭᠰᠠᠨ ᠶᠣᠬᠣᠸᠠ ᠶᠢᠨ ᠦᠭᠡ ᠶᠢ ᠳᠠᠭᠠᠬᠤ ᠶᠣᠰᠣᠲᠠᠢ ᠪᠠᠢᠭᠰᠠᠨ ᠪᠢᠰᠢ ᠤᠤ︖〉》 ᠭᠡᠪᠡ᠃
8 ᠶᠣᠬᠣᠸᠠ ᠶᠢᠨ ᠦᠭᠡ ᠽᠧᠺᠠᠷᠢᠶ᠎ᠠ ᠳᠤ ᠢᠷᠡᠵᠦ᠄ 9 《ᠠᠤᠭ᠎ᠠ ᠬᠦᠴᠦᠲᠦ ᠶᠣᠬᠣᠸᠠ ᠬᠡᠳᠦᠢᠨᠡᠢ᠄ 〈ᠲᠠ ᠨᠠᠷ ᠦᠨᠡᠨ ᠰᠢᠳᠤᠷᠭᠤ ᠪᠠᠷ ᠰᠢᠭᠦ᠂ ᠪᠡᠶ᠎ᠡ ᠪᠡᠶ᠎ᠡ ᠪᠡᠨ ᠡᠨᠡᠷᠢᠨ ᠥᠷᠥᠰᠢᠶᠡ᠂ 10 ᠥᠨᠥᠴᠢᠨ ᠪᠡᠯᠪᠡᠰᠦᠨ᠂ ᠬᠠᠷᠢ ᠬᠥᠮᠦᠨ ᠪᠣᠯᠣᠨ ᠶᠠᠳᠠᠭᠤ ᠶᠢ ᠪᠦᠦ ᠳᠠᠷᠤᠯ᠎ᠠ᠂ ᠨᠢᠭᠡ ᠨᠢᠭᠡᠨ ᠦ ᠪᠠᠨ ᠡᠰᠡᠷᠭᠦ ᠵᠢᠷᠦᠬᠡᠨ ᠳᠡᠭᠡᠨ ᠮᠠᠭᠤ ᠶᠢ ᠪᠦᠦ ᠲᠥᠯᠥᠪᠯᠡ〉 ᠭᠡᠰᠡᠨ᠃ 11 ᠭᠡᠪᠡᠴᠦ ᠲᠡᠳᠡ ᠠᠩ᠋ᠬᠠᠷᠬᠤ ᠳᠤᠷ᠎ᠠ ᠦᠭᠡᠢ᠂ ᠨᠢᠭᠤᠷ ᠢᠶᠠᠨ ᠪᠤᠷᠤᠭᠤᠯᠠᠨ ᠵᠥᠷᠢᠭᠦᠳᠯᠡᠵᠦ᠂ ᠰᠣᠨᠣᠰᠬᠤ ᠦᠭᠡᠢ ᠪᠠᠷ ᠴᠢᠬᠢ ᠪᠠᠨ ᠲᠠᠭᠯᠠᠪᠠ᠃ 12 ᠲᠡᠳᠡ ᠵᠢᠷᠦᠬᠡ ᠪᠡᠨ ᠴᠠᠬᠢᠭᠤᠷ ᠮᠡᠲᠦ ᠬᠠᠲᠠᠭᠤᠷᠠᠭᠤᠯᠵᠤ᠂ ᠠᠤᠭ᠎ᠠ ᠬᠦᠴᠦᠲᠦ ᠶᠣᠬᠣᠸᠠ ᠶᠢᠨ ᠥᠪᠡᠷ ᠦᠨ ᠢᠶᠠᠨ ᠰᠦᠨᠡᠰᠦ ᠪᠡᠷ᠂ ᠡᠷᠲᠡᠨ ᠦ ᠡᠰᠢ ᠦᠵᠡᠭᠦᠯᠦᠭᠴᠢᠳ ᠢᠶᠠᠷ ᠢᠶᠠᠨ ᠳᠠᠮᠵᠢᠭᠤᠯᠤᠨ ᠢᠯᠡᠭᠡᠭᠰᠡᠨ ᠵᠢᠭᠠᠪᠤᠷᠢ ᠪᠣᠯᠣᠨ ᠦᠭᠡᠰ ᠢ ᠰᠣᠨᠣᠰᠬᠤ ᠦᠭᠡᠢ ᠪᠠᠢᠯ᠎ᠠ᠃ ᠡᠢᠮᠦ ᠡᠴᠡ ᠠᠤᠭ᠎ᠠ ᠬᠦᠴᠦᠲᠦ ᠶᠣᠬᠣᠸᠠ ᠠᠴᠠ ᠶᠡᠬᠡ ᠠᠭᠤᠷ ᠬᠢᠯᠢᠩ ᠢᠷᠡᠭᠰᠡᠨ᠃ 13 ᠠᠤᠭ᠎ᠠ ᠬᠦᠴᠦᠲᠦ ᠶᠣᠬᠣᠸᠠ ᠠᠢᠯᠠᠳᠤᠯ᠎ᠠ᠃ ᠪᠢ ᠳᠠᠭᠤᠳᠠᠬᠤ ᠳᠤ᠂ ᠲᠡᠳᠡ ᠰᠣᠨᠣᠰᠣᠭ᠎ᠠ ᠦᠭᠡᠢ ᠲᠡᠢ ᠠᠳᠠᠯᠢ ᠲᠡᠳᠡ ᠳᠠᠭᠤᠳᠠᠬᠤ ᠳᠤ᠂ ᠪᠢ ᠰᠣᠨᠣᠰᠬᠤ ᠦᠭᠡᠢ᠂ 14 ᠪᠢ ᠲᠡᠳᠡᠨ ᠢ ᠰᠢᠭᠤᠷᠭᠠᠨ ᠢᠶᠠᠷ ᠥᠪᠡᠷᠰᠡᠳ ᠦᠨ ᠬᠢᠨᠢ ᠮᠡᠳᠡᠬᠦ ᠦᠭᠡᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠭᠰᠠᠨ᠃ ᠢᠩᠭᠢᠭᠡᠳ ᠲᠡᠳᠡᠨ ᠦ ᠠᠷᠤ ᠳᠤ ᠭᠠᠵᠠᠷ ᠨᠤᠲᠤᠭ ᠨᠢ ᠡᠵᠡᠭᠦᠢᠷᠡᠵᠦ᠂ ᠢᠷᠡᠵᠦ ᠶᠠᠪᠤᠬᠤ ᠬᠥᠮᠦᠨ ᠦᠭᠡᠢ ᠪᠣᠯᠣᠭᠰᠠᠨ᠂ ᠲᠡᠢᠨ ᠬᠦ ᠲᠡᠳᠡ ᠲᠠᠭᠠᠯᠠᠮᠵᠢᠲᠤ ᠭᠠᠵᠠᠷ ᠢ ᠬᠣᠭᠣᠰᠣᠷᠠᠭᠤᠯᠤᠭᠰᠠᠨ ᠶᠤᠮ〉》 ᠭᠡᠪᠡ᠃