1 2 3 4 5 6 7 8 9 10 11 12 13 14


ᠽᠧᠺᠠᠷᠢᠶ᠎ᠠ ᠬᠣᠶᠠᠷ
 ᠬᠡᠷᠡᠮ ᠬᠡᠷᠡᠭ ᠦᠭᠡᠢ ᠬᠣᠲᠠ

1 ᠪᠢ ᠨᠢᠳᠦ ᠪᠡᠨ ᠡᠷᠭᠦᠭᠡᠳ ᠦᠵᠡᠪᠡ᠃ ᠬᠠᠷᠠ᠂ ᠭᠠᠷ ᠲᠠᠭᠠᠨ ᠬᠡᠮᠵᠢᠭᠦᠷ ᠪᠠᠷᠢᠭᠰᠠᠨ ᠬᠥᠮᠦᠨ ᠪᠠᠢᠯ᠎ᠠ᠃ 2 ᠪᠢ᠄ 《ᠴᠢ ᠬᠠᠮᠢᠭ᠎ᠠ ᠶᠠᠪᠤᠬᠤ ᠭᠡᠵᠦ ᠪᠠᠢᠨ᠎ᠠ ᠪᠤᠢ︖》 ᠭᠡᠬᠦ ᠳᠦ᠂ ᠲᠡᠷᠡ᠄ 《ᠶᠧᠷᠦ᠋ᠰᠠᠯᠧᠮ ᠢ ᠬᠡᠮᠵᠢᠵᠦ᠂ ᠤᠷᠲᠤ ᠥᠷᠭᠡᠨ ᠢ ᠨᠢ ᠦᠵᠡᠬᠦ ᠭᠡᠵᠦ ᠪᠠᠢᠨ᠎ᠠ》 ᠭᠡᠯ᠎ᠡ᠃ 3 ᠬᠠᠷᠠ᠂ ᠨᠠᠳᠠ ᠲᠠᠢ ᠶᠠᠷᠢᠯᠴᠠᠵᠤ ᠪᠠᠢᠭᠰᠠᠨ ᠲᠩᠷᠢ ᠡᠯᠴᠢ ᠭᠠᠷᠤᠭᠠᠳ ᠶᠠᠪᠤᠵᠤ ᠪᠠᠢᠬᠤ ᠳᠤ᠂ ᠥᠭᠡᠷ᠎ᠡ ᠨᠢᠭᠡ ᠲᠩᠷᠢ ᠡᠯᠴᠢ ᠭᠠᠷᠴᠤ ᠢᠷᠡᠭᠡᠳ ᠲᠡᠭᠦᠨ ᠲᠡᠢ ᠠᠭᠤᠯᠵᠠᠨ 4 ᠲᠡᠭᠦᠨ ᠳᠦ᠄ 《ᠭᠦᠶᠦ᠂ ᠲᠡᠷᠡ ᠵᠠᠯᠠᠭᠤ ᠳᠤ᠄ 〈ᠶᠧᠷᠦ᠋ᠰᠠᠯᠧᠮ ᠳᠤ ᠬᠥᠮᠦᠨ᠂ ᠮᠠᠯ ᠣᠯᠠᠨ ᠪᠠᠢᠭ᠎ᠠ ᠪᠣᠯᠪᠠᠴᠤ ᠲᠡᠷᠡ ᠬᠣᠲᠠ ᠬᠡᠷᠡᠮ ᠦᠭᠡᠢ ᠵᠠᠳᠠᠭᠠᠢ ᠪᠣᠯᠣᠨ᠎ᠠ〉 ᠭᠡᠵᠦ ᠬᠡᠯᠡ᠃ 5 〈ᠤᠴᠢᠷ ᠨᠢ ᠪᠢ ᠥᠪᠡᠷ ᠢᠶᠡᠨ ᠬᠣᠲᠠ ᠶᠢ ᠬᠦᠷᠢᠶᠡᠯᠡᠨ ᠭᠠᠯᠲᠤ ᠬᠠᠨ᠎ᠠ ᠪᠣᠯᠵᠤ᠂ ᠲᠡᠭᠦᠨ ᠦ ᠳᠣᠲᠣᠷᠠᠬᠢ ᠰᠦᠷ ᠵᠢᠪᠬᠤᠯᠠᠩ ᠪᠣᠯᠣᠨ᠎ᠠ᠂〉 ᠶᠣᠬᠣᠸᠠ ᠠᠢᠯᠠᠳᠴᠤ ᠪᠠᠢᠨ᠎ᠠ》 ᠭᠡᠪᠡ᠃

6 《ᠪᠢ ᠲᠠ ᠨᠠᠷ ᠢ ᠲᠩᠷᠢ ᠶᠢᠨ ᠳᠥᠷᠪᠡᠨ ᠰᠠᠯᠬᠢ ᠮᠡᠲᠦ ᠪᠤᠲᠠᠷᠠᠭᠠᠭᠰᠠᠨ ᠪᠢᠯᠡ᠂ ᠲᠠ ᠨᠠᠷ ᠣᠳᠣ ᠢᠷ᠎ᠡ᠂ ᠢᠷ᠎ᠡ᠂ ᠤᠮᠠᠷᠠᠲᠤ ᠶᠢᠨ ᠭᠠᠵᠠᠷ ᠠᠴᠠ ᠵᠢᠭᠤᠲᠠᠵᠤ ᠢᠷ᠎ᠡ᠃》 ᠶᠣᠬᠣᠸᠠ ᠠᠢᠯᠠᠳᠴᠤ ᠪᠠᠢᠨ᠎ᠠ᠃ 7 《ᠢᠷ᠎ᠡ᠂ ᠽᠢᠶᠣᠨ︕ ᠪᠠᠪᠢᠯᠣᠨ ᠥᠬᠢᠨ ᠤ ᠳᠤ ᠰᠠᠭᠤᠭᠴᠢᠳ ᠡ᠂ ᠲᠡᠨᠳᠡ ᠡᠴᠡ ᠵᠠᠢᠯᠠ᠂》 8 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠪᠠ᠃ 《ᠲᠡᠷᠡ ᠨᠠᠮᠠᠶᠢ ᠠᠯᠳᠠᠷᠰᠢᠭᠤᠯᠵᠤ᠂ ᠲᠠ ᠨᠠᠷ ᠢ ᠲᠣᠨᠣᠭᠰᠠᠨ ᠦᠨᠳᠦᠰᠦᠲᠡᠨ ᠨᠦᠭᠦᠳ ᠢ ᠰᠢᠳᠬᠡᠭᠦᠯᠬᠦ ᠪᠡᠷ ᠨᠠᠮᠠᠶᠢ ᠢᠯᠡᠭᠡᠭᠰᠡᠨ᠃ ᠲᠠ ᠨᠠᠷ ᠲᠤ ᠬᠦᠷᠦᠭᠴᠢ ᠨᠢ ᠲᠡᠭᠦᠨ ᠦ ᠮᠡᠯᠮᠡᠢ ᠶᠢᠨ ᠴᠡᠴᠡᠭᠡᠢ ᠳᠦ ᠬᠦᠷᠦᠭᠴᠢ ᠶᠤᠮ᠃ 9 ᠬᠠᠷᠠ᠂ ᠪᠢ ᠲᠡᠳᠡᠨ ᠦ ᠳᠡᠭᠡᠭᠦᠷ ᠨᠢᠳᠤᠷᠭ᠎ᠠ ᠪᠠᠨ ᠳᠠᠯᠠᠢᠬᠤ ᠳᠤ᠂ ᠲᠡᠳᠡ ᠪᠣᠭᠣᠯᠴᠤᠳ ᠲᠠᠭᠠᠨ ᠲᠣᠨᠣᠭᠳᠠᠨ᠎ᠠ᠃ ᠲᠡᠭᠡᠬᠦ ᠳᠦ ᠲᠠ ᠨᠠᠷ ᠠᠤᠭ᠎ᠠ ᠬᠦᠴᠦᠲᠦ ᠶᠣᠬᠣᠸᠠ ᠨᠠᠮᠠᠶᠢ ᠢᠯᠡᠭᠡᠭᠰᠡᠨ ᠢ ᠮᠡᠳᠡᠬᠦ ᠪᠣᠯᠣᠨ᠎ᠠ᠃ 10 ᠽᠢᠶᠣᠨ ᠥᠬᠢᠨ ᠡ︕ ᠤᠤᠬᠠᠢᠯᠠᠨ ᠪᠠᠶᠠᠰᠤᠭᠲᠤᠨ᠃ ᠬᠠᠷᠠ᠂ ᠪᠢ ᠢᠷᠡᠵᠦ ᠪᠠᠢᠨ᠎ᠠ᠂ ᠪᠢ ᠴᠢᠨᠦ ᠳᠣᠲᠣᠷ᠎ᠠ ᠣᠷᠣᠰᠢᠬᠤ ᠪᠣᠯᠣᠨ᠎ᠠ᠂ ᠶᠣᠬᠣᠸᠠ ᠠᠢᠯᠠᠳᠴᠤ ᠪᠠᠢᠨ᠎ᠠ᠂ 11 ᠲᠡᠷᠡ ᠡᠳᠦᠷ ᠦᠨᠳᠦᠰᠦᠲᠡᠨ ᠨᠦᠭᠦᠳ ᠶᠣᠬᠣᠸᠠ ᠲᠠᠢ ᠬᠣᠯᠪᠣᠭᠳᠠᠵᠤ᠂ ᠮᠢᠨᠦ ᠠᠷᠠᠳ ᠲᠦᠮᠡᠨ ᠪᠣᠯᠣᠨ᠎ᠠ᠃ ᠪᠢ ᠴᠢᠨᠦ ᠳᠣᠲᠣᠷ᠎ᠠ ᠣᠷᠣᠰᠢᠵᠤ᠂ ᠠᠤᠭ᠎ᠠ ᠬᠦᠴᠦᠲᠦ ᠶᠣᠬᠣᠸᠠ ᠨᠠᠮᠠᠶᠢ ᠥᠪᠡᠷ ᠤᠷᠤᠭᠤ ᠴᠢᠨᠢ ᠢᠯᠡᠭᠡᠭᠰᠡᠨ ᠭᠡᠳᠡᠭ ᠢ ᠴᠢ ᠮᠡᠳᠡᠬᠦ ᠪᠣᠯᠣᠨ᠎ᠠ᠃ 12 ᠶᠣᠬᠣᠸᠠ ᠶᠦᠳᠠ ᠶᠢ ᠠᠷᠢᠭᠤᠨ ᠭᠠᠵᠠᠷ ᠳᠠᠬᠢ ᠥᠪᠡᠷ ᠦᠨ ᠢᠶᠠᠨ ᠥᠮᠴᠢ ᠪᠣᠯᠭᠠᠨ ᠡᠵᠡᠮᠰᠢᠵᠦ᠂ ᠶᠧᠷᠦ᠋ᠰᠠᠯᠧᠮ ᠢ ᠳᠠᠬᠢᠨ ᠰᠣᠩ᠋ᠭᠣᠵᠤ ᠠᠪᠤᠨ᠎ᠠ᠃ 13 ᠶᠣᠬᠣᠸᠠ ᠥᠪᠡᠷ ᠦᠨ ᠠᠷᠢᠭᠤᠨ ᠣᠷᠣᠰᠢᠬᠤᠢ ᠠᠴᠠ ᠪᠣᠰᠣᠯ᠎ᠠ᠂ ᠮᠢᠬᠠᠨ ᠪᠡᠶᠡᠲᠦ ᠪᠦᠬᠦᠨ ᠶᠣᠬᠣᠸᠠ ᠶᠢᠨ ᠡᠮᠦᠨ᠎ᠡ ᠳᠠᠭᠤ ᠦᠭᠡᠢ ᠪᠠᠢ᠃》