1 2 3 4 5 6 7 8 9 10 11 12 13 14


ᠽᠧᠺᠠᠷᠢᠶ᠎ᠠ ᠠᠷᠪᠠᠨ ᠨᠢᠭᠡ
1 ᠬᠠᠭᠠᠯᠭ᠎ᠠ ᠪᠠᠨ ᠨᠡᠭᠡᠭᠡ᠂ ᠯᠧᠪᠠᠨᠣᠨ ᠡ᠂ ᠬᠤᠱᠢ ᠮᠣᠳᠣ ᠶᠢ ᠴᠢᠨᠢ ᠭᠠᠯ ᠵᠠᠯᠭᠢᠨ᠎ᠠ᠃
2 ᠠᠭᠠᠷᠤ ᠮᠣᠳᠣᠳ ᠡ᠂ ᠤᠬᠢᠯᠠᠭᠲᠤᠨ ᠬᠤᠱᠢ ᠮᠣᠳᠣ ᠤᠨᠠᠵᠤ ᠰᠠᠭᠯᠠᠭᠠᠷ ᠮᠣᠳᠣᠳ ᠰᠦᠢᠷᠡᠵᠡᠢ ᠪᠠᠱᠠᠨ ᠤ ᠴᠠᠷᠠᠰᠤᠨ ᠮᠣᠳᠣᠳ ᠡ᠂ ᠤᠬᠢᠯᠠᠭᠲᠤᠨ ᠥᠳᠬᠡᠨ ᠣᠢ ᠴᠠᠪᠴᠢᠭᠳᠠᠵᠠᠢ᠃
3 ᠬᠣᠨᠢᠴᠢᠳ ᠤᠨ ᠤᠬᠢᠯᠠᠬᠤ ᠳᠠᠭᠤ ᠶᠢ ᠰᠣᠨᠣᠰ᠂ ᠲᠡᠳᠡᠨ ᠦ ᠰᠦᠷ ᠵᠢᠪᠬᠤᠯᠠᠩ ᠰᠦᠢᠷᠡᠵᠡᠢ ᠠᠷᠰᠯᠠᠨ ᠨᠤᠭᠤᠳ ᠤᠨ ᠠᠷᠬᠢᠷᠠᠬᠤ ᠳᠠᠭᠤ ᠶᠢ ᠰᠣᠨᠣᠰ᠂ ᠶᠣᠷᠳᠠᠨ ᠤ ᠰᠦᠷ ᠬᠦᠴᠦ ᠰᠦᠢᠷᠡᠵᠡᠢ᠃
 ᠬᠣᠶᠠᠷ ᠲᠥᠷᠥᠯ ᠦᠨ ᠬᠣᠨᠢᠴᠢᠨ

4 ᠮᠢᠨᠦ ᠪᠤᠷᠬᠠᠨ ᠶᠣᠬᠣᠸᠠ ᠡᠢᠨ ᠬᠦ ᠠᠢᠯᠠᠳᠤᠯ᠎ᠠ᠄ 《ᠴᠢ ᠨᠢᠳᠤᠯᠤᠭᠳᠠᠬᠤ ᠬᠣᠨᠢᠨ ᠰᠦᠷᠦᠭ ᠢ ᠬᠠᠷᠢᠭᠤᠯ᠃ 5 ᠲᠡᠳᠡᠨ ᠢ ᠬᠤᠳᠠᠯᠳᠤᠨ ᠠᠪᠤᠭᠴᠢᠳ ᠨᠢ ᠲᠡᠳᠡᠨ ᠢ ᠨᠢᠳᠤᠯᠤᠭᠰᠠᠨ ᠴᠤ ᠰᠢᠳᠬᠡᠭᠦᠯᠦᠯ ᠦᠭᠡᠢ ᠥᠩᠭᠡᠷᠡᠵᠦ᠂ ᠲᠡᠳᠡᠨ ᠢ ᠬᠤᠳᠠᠯᠳᠤᠭᠴᠢᠳ ᠨᠢ᠄ 〈ᠶᠣᠬᠣᠸᠠ ᠶᠢ ᠮᠠᠭᠲᠠᠶ᠎ᠠ᠂ ᠪᠢ ᠪᠠᠶᠠᠵᠢᠯ᠎ᠠ〉 ᠭᠡᠯᠴᠡᠨ᠎ᠡ᠃ ᠲᠡᠳᠡᠨ ᠦ ᠬᠣᠨᠢᠴᠢᠳ ᠴᠤ ᠲᠡᠳᠡᠨ ᠢ ᠥᠷᠥ ᠡᠪᠡᠳᠬᠦ ᠦᠭᠡᠢ᠃ 6 ᠤᠴᠢᠷ ᠨᠢ ᠪᠢ ᠡᠨᠡ ᠨᠤᠲᠤᠭ ᠤᠨ ᠰᠠᠭᠤᠭᠠᠯᠢᠴᠢᠳ ᠢ ᠥᠷᠥ ᠡᠪᠡᠳᠬᠦ ᠪᠡᠨ ᠪᠣᠯᠢᠨ᠎ᠠ᠂ ᠶᠣᠬᠣᠸᠠ ᠠᠢᠯᠠᠳᠴᠤ ᠪᠠᠢᠨ᠎ᠠ᠃ ᠬᠠᠷᠠ᠂ ᠪᠢ ᠥᠪᠡᠷ ᠢᠶᠡᠨ ᠲᠡᠳᠡᠨ ᠦ ᠬᠥᠮᠦᠨ ᠪᠦᠷᠢ ᠶᠢ ᠬᠥᠷᠰᠢ ᠶᠢᠨ ᠬᠢᠨᠢ ᠭᠠᠷ ᠲᠤ᠂ ᠮᠥᠨ ᠬᠠᠭᠠᠨ ᠤ ᠬᠢᠨᠢ ᠭᠠᠷ ᠲᠤ ᠣᠷᠣᠭᠤᠯᠤᠨ᠎ᠠ᠃ ᠡᠨᠡ ᠨᠤᠲᠤᠭ ᠤᠨ ᠬᠢᠨ ᠲᠡᠳᠡᠨ ᠳᠦ ᠴᠣᠬᠢᠭᠳᠠᠭᠰᠠᠨ ᠴᠤ᠂ ᠪᠢ ᠲᠡᠳᠡᠨ ᠦ ᠭᠠᠷ ᠠᠴᠠ ᠠᠪᠤᠷᠠᠬᠤ ᠦᠭᠡᠢ》 ᠭᠡᠪᠡ᠃

7 ᠢᠩᠭᠢᠭᠡᠳ ᠪᠢ ᠨᠢᠳᠤᠯᠤᠭᠳᠠᠬᠤ ᠰᠦᠷᠦᠭ᠂ ᠢᠯᠠᠩ᠋ᠭᠤᠶ᠎ᠠ ᠲᠡᠷᠡ ᠰᠦᠷᠦᠭ ᠦᠨ ᠪᠠᠭᠤᠷᠠᠢ ᠶᠢ ᠨᠢ ᠬᠠᠷᠢᠭᠤᠯᠵᠠᠢ᠃ ᠪᠢ ᠬᠣᠶᠠᠷ ᠲᠠᠶᠠᠭ ᠠᠪᠴᠤ᠂ ᠨᠢᠭᠡ ᠶᠢ ᠨᠢ 《ᠲᠠᠭᠠᠯᠠᠯ》᠂ ᠨᠥᠭᠥᠭᠡ ᠶᠢ ᠨᠢ 《ᠨᠢᠭᠡᠳᠦᠯ》 ᠭᠡᠵᠦ ᠨᠡᠷᠡᠯᠡᠪᠡ᠃ 8 ᠪᠢ ᠰᠦᠷᠦᠭ ᠢᠶᠡᠨ ᠬᠠᠷᠢᠭᠤᠯᠬᠤ ᠳᠠᠭᠠᠨ ᠰᠠᠷ᠎ᠠ ᠶᠢᠨ ᠳᠣᠲᠣᠷ᠎ᠠ ᠭᠤᠷᠪᠠᠨ ᠬᠣᠨᠢᠴᠢᠨ ᠬᠠᠯᠠᠪᠠ᠂ ᠪᠢ ᠲᠡᠷᠡ ᠰᠦᠷᠦᠭ ᠡᠴᠡ ᠵᠠᠯᠬᠠᠵᠤ᠂ ᠲᠡᠳᠡ ᠴᠤ ᠨᠠᠮᠠᠶᠢ ᠵᠢᠭ᠍ᠰᠢᠵᠡᠢ᠃ 9 ᠢᠩᠭᠢᠭᠡᠳ ᠪᠢ᠄ 《ᠲᠠ ᠨᠠᠷ ᠢ ᠬᠠᠷᠢᠭᠤᠯᠬᠤ ᠪᠠᠨ ᠪᠣᠯᠢᠶ᠎ᠠ》 ᠭᠡᠳ 《ᠦᠬᠦᠬᠦ ᠶᠣᠰᠣᠲᠠᠢ ᠨᠢ ᠦᠬᠦᠭ᠂ ᠮᠥᠬᠥᠬᠦ ᠶᠣᠰᠣᠲᠠᠢ ᠨᠢ ᠮᠥᠬᠥᠭ᠂ ᠦᠯᠡᠳᠡᠭᠰᠡᠳ ᠨᠢ ᠨᠢᠭᠡ ᠨᠢᠭᠡᠨ ᠦ ᠪᠠᠨ ᠮᠢᠬ᠎ᠠ ᠶᠢ ᠢᠳᠡᠭ》 ᠭᠡᠪᠡ᠃ 10 ᠪᠢ 《ᠲᠠᠭᠠᠯᠠᠯ》 ᠭᠡᠰᠡᠨ ᠲᠠᠶᠠᠭ ᠢᠶᠠᠨ ᠬᠤᠭᠤᠯᠵᠤ᠂ ᠪᠦᠬᠦ ᠦᠨᠳᠦᠰᠦᠲᠡᠨ ᠲᠡᠢ ᠪᠠᠢᠭᠤᠯᠤᠭᠰᠠᠨ ᠭᠡᠷ᠎ᠡ ᠪᠡᠨ ᠴᠤᠴᠠᠯᠪᠠ᠃ 11 ᠲᠡᠷᠡ ᠡᠳᠦᠷ ᠲᠡᠢᠨ ᠬᠦ ᠴᠤᠴᠠᠯᠤᠭᠰᠠᠨ ᠳᠤ᠂ ᠨᠠᠮᠠᠶᠢ ᠠᠵᠢᠭᠯᠠᠵᠤ ᠪᠠᠢᠭᠰᠠᠨ ᠰᠦᠷᠦᠭ ᠦᠨ ᠪᠠᠭᠤᠷᠠᠢ ᠨᠢ ᠡᠨᠡ ᠪᠣᠯ ᠶᠣᠬᠣᠸᠠ ᠶᠢᠨ ᠦᠭᠡ ᠪᠠᠢᠭᠰᠠᠨ ᠢ ᠣᠢᠯᠠᠭᠠᠪᠠ᠃ 12 ᠪᠢ ᠲᠡᠨᠳᠡᠬᠢ ᠶᠢᠨ ᠬᠢᠨ ᠳᠤ᠄ 《ᠬᠡᠷᠪᠡ ᠲᠠ ᠨᠠᠷ ᠰᠠᠢᠨ ᠭᠡᠵᠦ ᠦᠵᠡᠪᠡᠯ ᠨᠠᠳᠠ ᠳᠤ ᠬᠥᠯᠥᠰᠥ ᠶᠢ ᠮᠢᠨᠢ ᠥᠭ᠂ ᠲᠡᠭᠡᠬᠦ ᠦᠭᠡᠢ ᠪᠣᠯ ᠪᠣᠯᠢ》 ᠭᠡᠬᠦ ᠳᠦ᠂ ᠲᠡᠳᠡ ᠮᠢᠨᠦ ᠬᠥᠯᠥᠰᠥ ᠭᠡᠵᠦ ᠭᠤᠴᠢᠨ ᠮᠥᠩᠭᠥᠨ ᠱᠧᠺᠧᠯ 8 ᠬᠡᠮᠵᠢᠵᠦ ᠥᠭᠪᠡ᠃ 13 ᠨᠠᠮᠠᠶᠢ ᠦᠨᠡᠯᠡᠭᠰᠡᠨ ᠡᠨᠡ ᠬᠦ ᠭᠠᠢᠬᠠᠯᠲᠠᠢ ᠦᠨ᠎ᠡ ᠶᠢᠨ ᠬᠢᠨᠢ ᠲᠤᠬᠠᠢ ᠶᠣᠬᠣᠸᠠ ᠨᠠᠳᠠ ᠳᠤ᠄ 《ᠸᠠᠭᠠᠷᠴᠢᠨ ᠤ ᠬᠢᠨ ᠤ ᠤᠷᠤᠭᠤ ᠰᠢᠳᠡ》 ᠭᠡᠰᠡᠨ ᠳᠦ᠂ ᠪᠢ ᠭᠤᠴᠢᠨ ᠮᠥᠩᠭᠥᠨ ᠱᠧᠺᠧᠯ ᠠᠪᠴᠤ᠂ ᠶᠣᠬᠣᠸᠠ ᠶᠢᠨ ᠥᠷᠭᠥᠭᠡ ᠤᠷᠤᠭᠤ᠂ ᠸᠠᠭᠠᠷᠴᠢᠨ ᠤ ᠬᠢᠨ ᠤ ᠤᠷᠤᠭᠤ ᠰᠢᠳᠡᠪᠡ᠃ 14 ᠲᠡᠭᠡᠭᠡᠳ ᠪᠢ 《ᠨᠢᠭᠡᠳᠦᠯ》 ᠭᠡᠭᠳᠡᠳᠡᠭ ᠨᠥᠭᠥᠭᠡ ᠲᠠᠶᠠᠭ ᠢᠶᠠᠨ ᠬᠤᠭᠤᠯᠵᠤ᠂ ᠶᠦᠳᠠ ᠪᠠ ᠢᠰᠷᠧᠯ ᠤᠨ ᠬᠣᠭᠣᠷᠣᠨᠳᠣᠬᠢ ᠠᠬ᠎ᠠ ᠳᠡᠭᠦᠦᠰ ᠦᠨ ᠪᠠᠷᠢᠯᠳᠤᠯᠭ᠎ᠠ ᠶᠢ ᠴᠤᠴᠠᠯᠪᠠ᠃

15 ᠲᠡᠭᠡᠬᠦ ᠳᠦ ᠶᠣᠬᠣᠸᠠ ᠨᠠᠳᠠ ᠳᠤ ᠠᠢᠯᠠᠳᠤᠭᠰᠠᠨ ᠨᠢ᠄ 《ᠴᠢ ᠪᠠᠰᠠ ᠮᠤᠩ᠋ᠬᠠᠭ ᠬᠣᠨᠢᠴᠢᠨ ᠤ ᠡᠳ᠋ᠯᠡᠯ ᠢ ᠠᠪᠤᠭᠠᠳ ᠢᠷ᠎ᠡ᠂ 16 ᠬᠠᠷᠠ︕ ᠪᠢ ᠡᠨᠡ ᠭᠠᠵᠠᠷ ᠲᠤ ᠨᠢᠭᠡᠨ ᠬᠣᠨᠢᠴᠢᠨ ᠢ ᠪᠣᠰᠬᠠᠨ᠎ᠠ᠂ ᠲᠡᠷᠡ ᠮᠥᠬᠥᠵᠦ ᠪᠤᠢ ᠶᠢ ᠨᠢ ᠬᠠᠯᠠᠮᠵᠢᠯᠠᠬᠤ ᠦᠭᠡᠢ᠂ ᠲᠡᠨᠦᠵᠦ ᠪᠤᠢ ᠶᠢ ᠨᠢ ᠬᠠᠢᠬᠤ ᠦᠭᠡᠢ᠂ ᠭᠡᠮᠲᠦᠭᠰᠡᠨ ᠢ ᠨᠢ ᠡᠮᠴᠢᠯᠡᠬᠦ ᠦᠭᠡᠢ᠂ ᠬᠦᠴᠦ ᠲᠠᠢ ᠶᠢ ᠨᠢ ᠲᠡᠵᠢᠭᠡᠬᠦ ᠦᠭᠡᠢ᠂ ᠬᠠᠷᠢᠨ ᠲᠠᠷᠭᠤᠨ ᠤ ᠬᠢᠨᠢ ᠮᠢᠬ᠎ᠠ ᠶᠢ ᠢᠳᠡᠵᠦ᠂ ᠲᠤᠭᠤᠷᠠᠢ ᠶᠢ ᠨᠢ ᠲᠠᠰᠤᠳᠠᠬᠤ ᠪᠣᠯᠣᠨ᠎ᠠ᠃
17 ᠭᠠᠰᠠᠯᠠᠩᠲᠠᠶ᠎ᠠ᠂ ᠰᠦᠷᠦᠭ ᠢᠶᠡᠨ ᠣᠷᠬᠢᠭᠰᠠᠨ ᠬᠡᠷᠡᠭ ᠦᠭᠡᠢ ᠬᠣᠨᠢᠴᠢᠨ ᠡ︕ ᠢᠯᠳᠦ ᠲᠡᠭᠦᠨ ᠦ ᠭᠠᠷ᠂ ᠲᠡᠭᠦᠨ ᠦ ᠪᠠᠷᠠᠭᠤᠨ ᠨᠢᠳᠦᠨ ᠳᠡᠭᠡᠷ᠎ᠡ ᠪᠠᠢᠬᠤ ᠪᠣᠯᠣᠨ᠎ᠠ︕ ᠲᠡᠭᠦᠨ ᠦ ᠭᠠᠷ ᠪᠦᠬᠦᠯᠢ ᠪᠠᠷ ᠢᠶᠠᠨ ᠬᠠᠲᠠᠵᠤ ᠪᠠᠷᠠᠭᠤᠨ ᠨᠢᠳᠦ ᠨᠢ ᠪᠦᠷᠢᠮᠦᠰᠦᠨ ᠬᠠᠷᠠᠩ᠋ᠭᠤᠢᠯᠠᠨ᠎ᠠ᠃》