1 2 3 4 5 6 7 8 9 10 11 12 13 14


ᠽᠧᠺᠠᠷᠢᠶ᠎ᠠ ᠠᠷᠪᠠᠨ ᠭᠤᠷᠪᠠ

1 ᠲᠡᠷᠡ ᠡᠳᠦᠷ ᠨᠢᠭᠦᠯ ᠪᠣᠯᠣᠨ ᠪᠤᠵᠠᠷ ᠢ ᠤᠬᠢᠶᠠᠬᠤ ᠨᠢᠭᠡᠨ ᠪᠤᠯᠠᠭ ᠳ᠋ᠠᠸᠢᠳ᠋ ᠤᠨ ᠭᠡᠷ᠂ ᠶᠧᠷᠦ᠋ᠰᠠᠯᠧᠮ ᠤᠨ ᠰᠠᠭᠤᠭᠠᠯᠢᠴᠢᠳ ᠤᠨ ᠡᠮᠦᠨ᠎ᠡ ᠨᠡᠭᠡᠭᠡᠭᠳᠡᠬᠦ ᠪᠣᠯᠣᠨ᠎ᠠ᠃
 ᠨᠢᠭᠦᠯ ᠡᠴᠡ ᠴᠡᠪᠡᠷᠰᠢᠨ᠎ᠡ

2 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 《ᠲᠡᠷᠡ ᠡᠳᠦᠷ ᠪᠢ ᠰᠢᠲᠦᠭᠡᠨ ᠨᠦᠭᠦᠳ ᠦᠨ ᠨᠡᠷᠡᠰ ᠢ ᠲᠡᠷᠡ ᠨᠤᠲᠤᠭ ᠠᠴᠠ ᠠᠷᠴᠢᠨ᠎ᠠ᠂ ᠲᠡᠳᠡ ᠳᠠᠬᠢᠨ ᠳᠤᠷᠠᠰᠤᠭᠳᠠᠬᠤ ᠦᠭᠡᠢ᠃ ᠪᠢ ᠮᠥᠨ ᠡᠰᠢ ᠦᠵᠡᠭᠦᠯᠦᠭᠴᠢᠳ ᠪᠣᠯᠣᠨ ᠪᠤᠵᠠᠷ ᠰᠦᠨᠡᠰᠦ ᠶᠢ ᠲᠡᠷᠡ ᠨᠤᠲᠤᠭ ᠠᠴᠠ ᠵᠠᠢᠯᠠᠭᠤᠯᠤᠨ᠎ᠠ᠃》 3 ᠲᠡᠭᠡᠭᠰᠡᠨ ᠴᠤ ᠬᠡᠨ ᠨᠢᠭᠡᠨ ᠨᠢ ᠡᠰᠢ ᠦᠵᠡᠭᠦᠯᠦᠭᠰᠡᠭᠡᠷ ᠪᠠᠢᠪᠠᠯ᠂ ᠲᠥᠷᠥᠭᠦᠯᠦᠭᠰᠡᠨ ᠡᠴᠢᠭᠡ ᠡᠬᠡ ᠨᠢ ᠲᠡᠭᠦᠨ ᠳᠦ᠄ 《ᠴᠢ ᠶᠣᠬᠣᠸᠠ ᠶᠢᠨ ᠨᠡᠷ᠎ᠡ ᠪᠡᠷ ᠬᠤᠳᠠᠯ ᠶᠠᠷᠢᠭᠰᠠᠨ ᠲᠤᠯᠠ ᠠᠮᠢᠳᠤ ᠦᠯᠡᠳᠡᠬᠦ ᠦᠭᠡᠢ》 ᠭᠡᠨ᠎ᠡ᠃ ᠲᠥᠷᠥᠭᠦᠯᠦᠭᠰᠡᠨ ᠡᠴᠢᠭᠡ ᠡᠬᠡ ᠨᠢ ᠲᠡᠭᠦᠨ ᠢ ᠡᠰᠢ ᠦᠵᠡᠭᠦᠯᠵᠦ ᠪᠠᠢᠬᠤ ᠳᠤᠨᠢ ᠨᠡᠪᠲᠡ ᠬᠠᠳᠬᠤᠨ᠎ᠠ᠃ 4 ᠲᠡᠷᠡ ᠡᠳᠦᠷ ᠡᠰᠢ ᠦᠵᠡᠭᠦᠯᠦᠭᠴᠢ ᠪᠣᠯᠭᠠᠨ ᠡᠰᠢ ᠦᠵᠡᠭᠦᠯᠬᠦ ᠳᠡᠭᠡᠨ ᠦᠵᠡᠭᠳᠡᠯ ᠦᠨ ᠢᠶᠠᠨ ᠤᠯᠠᠮ ᠢᠶᠠᠷ ᠢᠴᠢᠵᠦ᠂ ᠡᠰᠢ ᠦᠵᠡᠭᠦᠯᠦᠭᠴᠢ ᠶᠢᠨ ᠨᠣᠣᠰᠣᠨ ᠨᠥᠮᠥᠷᠭᠡ ᠶᠢ ᠨᠢᠳᠦ ᠬᠠᠭᠤᠷᠬᠤ ᠪᠠᠷ ᠡᠮᠦᠰᠳᠡᠭ ᠢᠶᠡᠨ ᠪᠣᠯᠢᠨ᠎ᠠ᠂ 5 ᠬᠠᠷᠢᠨ᠄ 《ᠪᠢ ᠡᠰᠢ ᠦᠵᠡᠭᠦᠯᠦᠭᠴᠢ ᠪᠢᠰᠢ᠂ ᠪᠢ ᠭᠠᠵᠠᠷ ᠬᠠᠭᠠᠯᠳᠠᠭ ᠬᠥᠮᠦᠨ᠂ ᠪᠠᠭ᠎ᠠ ᠠᠴᠠ ᠪᠠᠨ ᠯᠠ ᠬᠥᠮᠦᠨ ᠦ ᠵᠠᠷᠤᠴᠠ ᠶᠤᠮ》 ᠭᠡᠨ᠎ᠡ᠃ 6 ᠬᠡᠨ ᠨᠢᠭᠡ ᠨᠢ᠄ 《ᠴᠢᠨᠦ ᠬᠣᠶᠠᠷ ᠭᠠᠷ ᠤᠨ ᠬᠣᠭᠣᠷᠣᠨᠳᠣᠬᠢ ᠡᠨᠡ ᠰᠢᠷᠬ᠎ᠠ ᠨᠢ ᠶᠠᠭᠤ ᠪᠤᠢ︖》 ᠭᠡᠪᠡᠯ᠂ ᠲᠡᠷᠡ᠄ 《ᠡᠨᠡ ᠪᠣᠯ ᠮᠢᠨᠦ ᠨᠠᠢᠵᠢ ᠨᠠᠷ ᠤᠨ ᠢᠶᠠᠨ ᠭᠡᠷ ᠲᠦ ᠣᠯᠣᠭᠰᠠᠨ ᠰᠢᠷᠬ᠎ᠠ ᠶᠤᠮ》 ᠭᠡᠨ᠎ᠡ᠃
 ᠬᠣᠨᠢᠴᠢᠨ ᠴᠣᠬᠢᠭᠳᠠᠨ᠎ᠠ
7 ᠰᠡᠯᠡᠮ᠎ᠡ ᠡ᠂ ᠰᠡᠷᠢᠭᠲᠦᠨ ᠮᠢᠨᠦ ᠬᠣᠨᠢᠴᠢᠨ᠂ ᠮᠢᠨᠦ ᠠᠨᠳᠠ ᠪᠣᠯᠬᠤ ᠬᠥᠮᠦᠨ ᠤᠷᠤᠭᠤ ᠴᠢᠭᠯᠡ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ ᠬᠣᠨᠢᠴᠢᠨ ᠢ ᠴᠣᠬᠢ᠂ ᠬᠣᠨᠢᠨ ᠰᠦᠷᠦᠭ ᠪᠤᠲᠠᠷᠠᠨ᠎ᠠ ᠪᠢ ᠥᠴᠦᠬᠡᠨ ᠦ ᠬᠢᠨᠢ ᠤᠷᠤᠭᠤ ᠭᠠᠷ ᠢᠶᠠᠨ ᠡᠷᠭᠢᠭᠦᠯᠦᠨ᠎ᠡ᠃
8 ᠶᠣᠬᠣᠸᠠ ᠠᠢᠯᠠᠳᠴᠤ ᠪᠠᠢᠨ᠎ᠠ᠄ ᠬᠠᠮᠤᠭ ᠭᠠᠵᠠᠷ ᠤᠨ ᠬᠢᠨ ᠤ ᠭᠤᠷᠪᠠᠨ ᠤ ᠬᠣᠶᠠᠷ ᠨᠢ ᠰᠦᠢᠷᠡᠵᠦ ᠰᠥᠨᠥᠨ᠎ᠡ ᠬᠠᠷᠢᠨ ᠭᠤᠷᠪᠠᠨ ᠤ ᠨᠢᠭᠡ ᠨᠢ ᠲᠡᠨᠳᠡ ᠦᠯᠡᠳᠡᠬᠦ ᠪᠣᠯᠣᠨ᠎ᠠ᠃
9 ᠭᠤᠷᠪᠠᠳᠠᠬᠢ ᠬᠡᠰᠡᠭ ᠢ ᠨᠢ ᠪᠢ ᠭᠠᠯ ᠳᠤ ᠣᠷᠣᠭᠤᠯᠵᠤ ᠮᠥᠩᠭᠥ ᠶᠢ ᠴᠡᠪᠡᠷᠰᠢᠭᠦᠯᠳᠡᠭ᠌ ᠰᠢᠭ ᠲᠡᠳᠡᠨ ᠢ ᠴᠡᠪᠡᠷᠰᠢᠭᠦᠯᠵᠦ ᠠᠯᠲᠠ ᠶᠢ ᠲᠤᠩ᠋ᠭᠠᠳᠠᠭ ᠰᠢᠭ᠋ ᠲᠡᠳᠡᠨ ᠢ ᠲᠤᠩ᠋ᠭᠠᠨ᠎ᠠ ᠲᠡᠳᠡ ᠮᠢᠨᠦ ᠨᠡᠷ᠎ᠡ ᠶᠢ ᠳᠠᠭᠤᠳᠠᠵᠤ ᠪᠢ ᠲᠡᠳᠡᠨ ᠳᠦ ᠬᠠᠷᠢᠭᠤᠯᠤᠨ᠎ᠠ᠃ ᠪᠢ ᠲᠡᠳᠡᠨ ᠢ 《ᠮᠢᠨᠦ ᠠᠷᠠᠳ ᠲᠦᠮᠡᠨ》 ᠭᠡᠵᠦ ᠲᠡᠳᠡ 《ᠶᠣᠬᠣᠸᠠ ᠪᠣᠯ ᠮᠢᠨᠦ ᠪᠤᠷᠬᠠᠨ》 ᠭᠡᠬᠦ ᠪᠣᠯᠣᠨ᠎ᠠ᠃