ᠽᠧᠺᠠᠷᠢᠶ᠎ᠠ ᠠᠷᠪᠠᠨ ᠬᠣᠶᠠᠷ
ᠶᠧᠷᠦ᠋ᠰᠠᠯᠧᠮ ᠤᠨ ᠢᠯᠠᠯᠲᠠ
1 ᠢᠰᠷᠧᠯ ᠤᠨ ᠲᠠᠯ᠎ᠠ ᠪᠠᠷ ᠬᠢ ᠶᠣᠬᠣᠸᠠ ᠶᠢᠨ ᠦᠭᠡ ᠶᠢᠨ ᠰᠡᠷᠡᠮᠵᠢᠯᠡᠭᠦᠯᠦᠯᠭᠡ᠄ ᠲᠩᠷᠢ ᠶᠢ ᠳᠡᠯᠭᠡᠵᠦ᠂ ᠳᠡᠯᠡᠬᠡᠢ ᠶᠢᠨ ᠰᠠᠭᠤᠷᠢ ᠶᠢ ᠲᠠᠯᠪᠢᠵᠤ᠂ ᠬᠥᠮᠦᠨ ᠦ ᠳᠣᠲᠣᠷ᠎ᠠ ᠰᠦᠨᠡᠰᠦ ᠶᠢ ᠬᠡᠯᠪᠡᠷᠢᠵᠢᠭᠦᠯᠦᠭᠴᠢ ᠶᠣᠬᠣᠸᠠ ᠠᠢᠯᠠᠳᠴᠤ ᠪᠠᠢᠨ᠎ᠠ᠄ 2 《ᠬᠠᠷ᠎ᠠ᠂ ᠶᠦᠳᠠ ᠴᠤ ᠶᠧᠷᠦ᠋ᠰᠠᠯᠧᠮ ᠲᠠᠢ ᠬᠠᠮᠲᠤ ᠪᠦᠰᠡᠯᠡᠭᠳᠡᠬᠦ ᠳᠦ᠂ ᠪᠢ ᠶᠧᠷᠦ᠋ᠰᠠᠯᠧᠮ ᠢ ᠡᠷᠭᠢᠨ ᠲᠣᠭᠣᠷᠢᠨ ᠤ ᠪᠦᠬᠦ ᠦᠨᠳᠦᠰᠦᠲᠡᠨ ᠢ ᠭᠤᠢᠪᠢᠭᠤᠯᠬᠤ ᠠᠶᠠᠭ᠎ᠠ ᠪᠣᠯᠭᠠᠨ᠎ᠠ᠂ 3 ᠳᠡᠯᠡᠬᠡᠢ ᠶᠢᠨ ᠬᠠᠮᠤᠭ ᠦᠨᠳᠦᠰᠦᠲᠡᠨ ᠲᠡᠭᠦᠨ ᠤᠷᠤᠭᠤ ᠴᠤᠭᠯᠠᠷᠠᠭᠰᠠᠨ ᠴᠤ ᠲᠡᠷᠡ ᠡᠳᠦᠷ ᠪᠢ ᠶᠧᠷᠦ᠋ᠰᠠᠯᠧᠮ ᠢ ᠪᠦᠬᠦ ᠦᠨᠳᠦᠰᠦᠲᠡᠨ ᠦ ᠡᠷᠭᠦᠵᠦ ᠳᠡᠢᠯᠦᠰᠢ ᠦᠭᠡᠢ ᠴᠢᠯᠠᠭᠤ ᠪᠣᠯᠭᠠᠨ᠎ᠠ᠃ ᠲᠡᠭᠦᠨ ᠢ ᠡᠷᠭᠦᠬᠦ ᠭᠡᠭᠴᠢᠳ ᠯᠠᠪᠲᠠᠢ ᠭᠡᠮᠲᠦᠬᠦ ᠪᠣᠯᠣᠨ᠎ᠠ᠃ 4 ᠶᠣᠬᠣᠸᠠ ᠠᠢᠯᠠᠳᠴᠤ ᠪᠠᠢᠨ᠎ᠠ᠂ ᠲᠡᠷᠡ ᠡᠳᠦᠷ ᠪᠢ ᠮᠣᠷᠢᠳ ᠢ ᠨᠢ ᠴᠣᠬᠢᠵᠤ ᠥᠷᠭᠥᠭᠡᠨ᠂ ᠮᠣᠷᠢᠲᠠᠳ ᠢ ᠨᠢ ᠴᠣᠬᠢᠵᠤ ᠰᠠᠮᠭᠠᠷᠳᠠᠭᠤᠯᠤᠨᠠ᠃ ᠪᠢ ᠢᠰᠷᠧᠯ ᠤᠨ ᠭᠡᠷ ᠳᠡᠭᠡᠷ᠎ᠡ ᠨᠢᠳᠦ ᠲᠠᠯᠪᠢᠵᠤ᠂ ᠦᠨᠳᠦᠰᠦᠲᠡᠨ ᠨᠦᠭᠦᠳ ᠦᠨ ᠬᠠᠮᠤᠭ ᠮᠣᠷᠢ ᠶᠢ ᠴᠣᠬᠢᠵᠤ ᠰᠣᠬᠣᠯᠠᠨᠠ᠃ 5 ᠲᠡᠭᠡᠬᠦ ᠳᠦ ᠶᠦᠳᠠ ᠶᠢᠨ ᠤᠳᠤᠷᠢᠳᠤᠭᠴᠢᠳ ᠵᠢᠷᠦᠬᠡᠨ ᠳᠡᠭᠡᠨ᠄ 《ᠶᠧᠷᠦ᠋ᠰᠠᠯᠧᠮ ᠤᠨ ᠰᠠᠭᠤᠭᠠᠯᠢᠴᠢᠳ ᠥᠪᠡᠷᠰᠡᠳ ᠦᠨ ᠢᠶᠠᠨ ᠪᠤᠷᠬᠠᠨ᠂ ᠠᠤᠭ᠎ᠠ ᠬᠦᠴᠦᠲᠦ ᠶᠣᠬᠣᠸᠠ ᠶᠢᠨ ᠠᠴᠢ ᠪᠠᠷ ᠬᠦᠴᠦᠷᠬᠡᠭ ᠪᠣᠯᠳᠠᠭ》 ᠭᠡᠯᠴᠡᠨ᠎ᠡ᠃
6 ᠲᠡᠷᠡ ᠡᠳᠦᠷ ᠪᠢ ᠶᠦᠳᠠ ᠶᠢᠨ ᠤᠳᠤᠷᠢᠳᠤᠭᠴᠢᠳ ᠢ ᠵᠡᠷᠭᠡᠯᠡᠭᠰᠡᠨ ᠮᠣᠳᠣᠨ ᠳᠤᠮᠳᠠᠬᠢ ᠭᠠᠯᠲᠤ ᠵᠤᠤᠬ᠎ᠠ᠂ ᠶᠡᠦᠵᠢᠯᠡᠭᠰᠡᠨ ᠲᠠᠷᠢᠶᠠᠨ ᠳᠤᠮᠳᠠᠬᠢ ᠭᠠᠯᠲᠤ ᠪᠠᠮᠪᠠᠷ ᠮᠡᠲᠦ ᠪᠠᠢᠯᠭᠠᠨ᠎ᠠ᠂ ᠲᠡᠳᠡ ᠪᠠᠷᠠᠭᠤᠨ᠂ ᠵᠡᠭᠦᠨ ᠲᠠᠯ᠎ᠠ ᠶᠢᠨ ᠢᠶᠠᠨ ᠪᠦᠰᠡᠯᠡᠭᠰᠡᠨ ᠦᠨᠳᠦᠰᠦᠲᠡᠨ ᠢ ᠪᠦᠭᠦᠳᠡ ᠶᠢ ᠴᠥᠯᠮᠥᠬᠦ ᠳᠦ᠂ ᠶᠧᠷᠦ᠋ᠰᠠᠯᠧᠮ ᠤᠨ ᠰᠠᠭᠤᠭᠠᠯᠢᠴᠢᠳ ᠥᠪᠡᠷᠰᠡᠳ ᠦᠨ ᠢᠶᠠᠨ ᠨᠤᠲᠤᠭ ᠶᠧᠷᠦ᠋ᠰᠠᠯᠧᠮ ᠳᠤ ᠰᠠᠭᠤᠬᠤ ᠪᠣᠯᠣᠨ᠎ᠠ᠃
7 ᠭᠡᠪᠡᠴᠦ ᠶᠣᠬᠣᠸᠠ ᠶᠦᠳᠠ ᠶᠢᠨ ᠭᠡᠷ ᠦᠨ ᠬᠢᠨ ᠢ ᠲᠦᠷᠦᠭᠦᠨ ᠳᠦᠨᠢ ᠠᠪᠤᠷᠠᠬᠤ ᠲᠤᠯᠠ ᠳ᠋ᠠᠸᠢᠳ᠋ ᠤᠨ ᠭᠡᠷ ᠦᠨ ᠠᠯᠳᠠᠷ᠂ ᠶᠧᠷᠦ᠋ᠰᠠᠯᠧᠮ ᠤᠨ ᠰᠠᠭᠤᠭᠠᠯᠢᠴᠢᠳ ᠤᠨ ᠠᠯᠳᠠᠷ ᠨᠢ ᠶᠦᠳᠠ ᠶᠢᠨ ᠬᠢᠨ ᠡᠴᠡ ᠳᠠᠪᠠᠬᠤ ᠦᠭᠡᠢ᠃ 8 ᠲᠡᠷᠡ ᠡᠳᠦᠷ ᠶᠣᠬᠣᠸᠠ ᠶᠧᠷᠦ᠋ᠰᠠᠯᠧᠮ ᠤᠨ ᠰᠠᠭᠤᠭᠠᠯᠢᠴᠢᠳ ᠢ ᠬᠠᠮᠠᠭᠠᠯᠠᠨ᠎ᠠ᠂ ᠲᠡᠷᠡ ᠡᠳᠦᠷ ᠲᠡᠳᠡᠨ ᠦ ᠳᠣᠷᠣᠢ ᠨᠢᠭᠡ ᠨᠢ ᠴᠤ ᠳ᠋ᠠᠸᠢᠳ᠋ ᠰᠢᠭ᠋ ᠪᠣᠯᠵᠤ᠂ ᠳ᠋ᠠᠸᠢᠳ᠋ ᠤᠨ ᠭᠡᠷ ᠦᠨ ᠬᠢᠨ ᠨᠢ ᠪᠤᠷᠬᠠᠨ ᠰᠢᠭ᠋᠂ ᠲᠡᠳᠡᠨ ᠦ ᠡᠮᠦᠨ᠎ᠡ ᠶᠠᠪᠤᠳᠠᠭ ᠶᠣᠬᠣᠸᠠ ᠶᠢᠨ ᠡᠯᠴᠢ ᠰᠢᠭ ᠪᠠᠢᠬᠤ ᠪᠣᠯᠣᠨ᠎ᠠ᠃ 9 ᠶᠧᠷᠦ᠋ᠰᠠᠯᠧᠮ ᠢ ᠳᠣᠪᠲᠣᠯᠣᠭᠴᠢ ᠬᠠᠮᠤᠭ ᠦᠨᠳᠦᠰᠦᠲᠡᠨ ᠢ ᠪᠢ ᠲᠡᠷᠡ ᠡᠳᠦᠷ ᠤᠰᠠᠳᠬᠠᠬᠤ ᠶᠢ ᠵᠣᠷᠢᠨ᠎ᠠ᠃
ᠴᠣᠭᠣᠴᠢᠭᠰᠠᠨ ᠨᠢᠭᠡᠨ ᠢᠶᠡᠨ ᠬᠠᠷᠠᠨ᠎ᠠ
10 ᠪᠢ ᠳ᠋ᠠᠸᠢᠳ᠋ ᠤᠨ ᠭᠡᠷ ᠳᠡᠭᠡᠷ᠎ᠡ᠂ ᠶᠧᠷᠦ᠋ᠰᠠᠯᠧᠮ ᠤᠨ ᠰᠠᠭᠤᠭᠠᠯᠢᠴᠢᠳ ᠳᠡᠭᠡᠷ᠎ᠡ ᠢᠪᠡᠭᠡᠯ ᠪᠠ ᠳᠠᠭᠠᠳᠬᠠᠯ ᠤᠨ ᠰᠦᠨᠡᠰᠦ ᠶᠢ ᠴᠢᠳᠬᠤᠨ᠎ᠠ᠃ ᠲᠡᠳᠡ ᠨᠠᠮᠠᠶᠢ᠂ ᠥᠪᠡᠷᠰᠡᠳ ᠦᠨ ᠢᠶᠠᠨ ᠵᠢᠳᠠᠯᠠᠭᠰᠠᠨ ᠨᠢᠭᠡᠨ ᠢ ᠬᠠᠷᠠᠵᠤ᠂ ᠴᠣᠷ ᠤᠨ ᠭᠠᠭᠴᠠ ᠬᠦᠦ ᠶᠢᠨ ᠢᠶᠠᠨ ᠲᠥᠯᠥᠭᠡ ᠭᠠᠰᠢᠭᠤᠳᠠᠬᠤ ᠮᠡᠲᠦ ᠲᠡᠭᠦᠨ ᠦ ᠲᠥᠯᠥᠭᠡ ᠭᠠᠰᠢᠭᠤᠳᠠᠨ᠎ᠠ᠂ ᠤᠤᠭᠠᠨ ᠬᠦᠦ ᠶᠢᠨ ᠢᠶᠠᠨ ᠲᠥᠯᠥᠭᠡ ᠭᠠᠰᠠᠯᠬᠤ ᠰᠢᠭ᠋ ᠭᠠᠰᠠᠯᠬᠤ ᠪᠣᠯᠣᠨ᠎ᠠ᠃ 11 ᠲᠡᠷᠡ ᠡᠳᠦᠷ ᠶᠧᠷᠦ᠋ᠰᠠᠯᠧᠮ ᠳᠤ ᠠᠰᠤᠷᠤ ᠶᠡᠬᠡ ᠭᠠᠰᠢᠭᠤᠳᠠᠯ᠂ ᠮᠧᠭᠢᠳᠣ᠋ ᠶᠢᠨ ᠲᠠᠯ᠎ᠠ ᠳᠠᠬᠢ ᠬᠠᠳᠠᠳ᠋ ᠷᠢᠮᠣᠨ ᠳᠤ ᠲᠣᠬᠢᠶᠠᠯᠳᠤᠭᠰᠠᠨ ᠰᠢᠭ᠋ ᠭᠠᠰᠢᠭᠤᠳᠠᠯ ᠪᠠᠢᠬᠤ ᠪᠣᠯᠣᠨ᠎ᠠ᠃ 12 ᠨᠤᠲᠤᠭ ᠤᠨ ᠬᠢᠨ ᠠᠢᠮᠠᠭ ᠠᠢᠮᠠᠭ ᠢᠶᠠᠷ ᠢᠶᠠᠨ ᠭᠠᠰᠢᠭᠤᠳᠠᠨ᠎ᠠ᠂ ᠳ᠋ᠠᠸᠢᠳ᠋ ᠤᠨ ᠭᠡᠷ ᠦᠨ ᠬᠢᠨ ᠲᠤᠰ ᠲᠠᠭᠠᠨ᠂ ᠲᠡᠳᠡᠨ ᠦ ᠡᠬᠡᠨᠡᠷ ᠤᠳ ᠲᠤᠰ ᠲᠠᠭᠠᠨ᠂ ᠨᠠᠲ᠋ᠠᠨ ᠤ ᠭᠡᠷ ᠦᠨ ᠬᠢᠨ ᠲᠤᠰ ᠲᠠᠭᠠᠨ᠂ ᠲᠡᠳᠡᠨ ᠦ ᠡᠬᠡᠨᠡᠷ ᠤᠳ ᠲᠤᠰ ᠲᠠᠭᠠᠨ᠂ 13 ᠯᠧᠸᠢ ᠶᠢᠨ ᠭᠡᠷ ᠦᠨ ᠬᠢᠨ ᠲᠤᠰ ᠲᠠᠭᠠᠨ᠂ ᠲᠡᠳᠡᠨ ᠦ ᠡᠬᠡᠨᠡᠷ ᠤᠳ ᠲᠤᠰ ᠲᠠᠭᠠᠨ᠂ ᠱᠢᠮᠧᠶᠢ ᠶᠢᠨ ᠠᠢᠮᠠᠭ ᠲᠤᠰ ᠲᠠᠭᠠᠨ᠂ ᠲᠡᠳᠡᠨ ᠦ ᠡᠬᠡᠨᠡᠷ ᠤᠳ ᠲᠤᠰ ᠲᠠᠭᠠᠨ᠂ 14 ᠪᠤᠰᠤᠳ ᠪᠦᠬᠦ ᠠᠢᠮᠠᠭ ᠴᠤ ᠲᠤᠰ ᠲᠤᠰ ᠲᠠᠭᠠᠨ᠂ ᠡᠬᠡᠨᠡᠷ ᠤᠳ ᠨᠢ ᠴᠤ ᠲᠤᠰ ᠲᠤᠰ ᠲᠠᠭᠠᠨ ᠭᠠᠰᠢᠭᠤᠳᠠᠨ᠎ᠠ᠃