1 2 3 4 5 6 7 8 9 10 11 12 13 14


ᠽᠧᠺᠠᠷᠢᠶ᠎ᠠ ᠠᠷᠪᠠᠨ ᠳᠥᠷᠪᠡ
 ᠡᠵᠡᠨ ᠵᠠᠬᠢᠷᠤᠨ᠎ᠠ

1 ᠬᠠᠷᠠ᠂ ᠶᠣᠬᠣᠸᠠ ᠶᠢᠨ ᠡᠳᠦᠷ ᠢᠷᠡᠵᠦ ᠪᠠᠢᠨ᠎ᠠ᠂ ᠲᠠᠨ ᠤ ᠪᠤᠯᠢᠶᠠᠭᠳᠠᠭᠰᠠᠨ ᠶᠠᠭᠤᠮ᠎ᠠ ᠶᠢ ᠲᠠᠨ ᠤ ᠨᠢᠳᠦᠨ ᠳᠡᠭᠡᠷ᠎ᠡ ᠬᠤᠪᠢᠶᠠᠨ᠎ᠠ᠃ 2 ᠪᠢ ᠪᠦᠬᠦ ᠦᠨᠳᠦᠰᠦᠲᠡᠨ ᠢ ᠴᠤᠭᠯᠠᠭᠤᠯᠵᠤ ᠶᠧᠷᠦ᠋ᠰᠠᠯᠧᠮ ᠤᠨ ᠡᠰᠡᠷᠭᠦ ᠲᠤᠯᠤᠯᠳᠤᠭᠤᠯᠤᠨ᠎ᠠ᠃ ᠬᠣᠲᠠ ᠡᠵᠡᠯᠡᠭᠳᠡᠵᠦ᠂ ᠭᠡᠷ ᠤᠳ ᠲᠣᠨᠣᠭᠳᠠᠨ᠂ ᠡᠮᠡᠭᠲᠡᠢᠴᠦᠳ ᠬᠦᠴᠦᠷᠬᠡᠭᠯᠡᠭᠳᠡᠨ᠎ᠡ᠂ ᠬᠣᠲᠠ ᠶᠢᠨ ᠬᠢᠨ ᠤ ᠬᠠᠭᠠᠰ ᠨᠢ ᠴᠥᠯᠡᠭᠳᠡᠵᠦ᠂ ᠦᠯᠡᠳᠡᠭᠰᠡᠳ ᠨᠢ ᠬᠣᠲᠠ ᠠᠴᠠ ᠠᠪᠠᠴᠢᠭᠳᠠᠯ ᠦᠭᠡᠢ ᠦᠯᠡᠳᠡᠨ᠎ᠡ᠃ 3 ᠬᠠᠷᠢᠨ ᠶᠣᠬᠣᠸᠠ ᠤᠷᠤᠭᠰᠢᠯᠠᠨ᠂ ᠲᠤᠯᠤᠯᠳᠤᠭᠠᠨ ᠤ ᠡᠳᠦᠷ ᠲᠦ ᠳᠠᠢᠲᠤᠳᠠᠭ ᠰᠢᠭ᠋ ᠢᠶᠠᠨ ᠲᠡᠳᠡᠭᠡᠷ ᠦᠨᠳᠦᠰᠦᠲᠡᠨ ᠲᠡᠢ ᠳᠠᠢᠲᠤᠨ᠎ᠠ᠃ 4 ᠲᠡᠷᠡ ᠡᠳᠦᠷ ᠲᠡᠭᠦᠨ ᠦ ᠬᠥᠯ ᠶᠧᠷᠦ᠋ᠰᠠᠯᠧᠮ ᠤᠨ ᠤᠷᠳᠤ ᠲᠠᠯ᠎ᠠ᠂ ᠲᠤᠬᠠᠢᠯᠠᠪᠠᠯ ᠳᠣᠷᠣᠨ᠎ᠠ ᠵᠦᠭ ᠲᠦ᠂ ᠴᠢᠳᠦᠨ ᠠᠭᠤᠯᠠᠨ ᠳᠡᠭᠡᠷ᠎ᠡ ᠵᠣᠭᠰᠣᠬᠤ ᠪᠣᠯᠣᠨ᠎ᠠ᠃ ᠴᠢᠳᠦᠨ ᠠᠭᠤᠯᠠ ᠭᠣᠣᠯ ᠢᠶᠠᠷ ᠢᠶᠠᠨ ᠬᠤᠪᠢᠶᠠᠭᠳᠠᠨ ᠵᠡᠭᠦᠨ ᠡᠴᠡ ᠪᠠᠷᠠᠭᠤᠨ ᠲᠡᠰᠢ ᠴᠢᠭᠯᠡᠭᠰᠡᠨ ᠬᠥᠨᠳᠡᠢ ᠭᠠᠷᠬᠤ ᠪᠥᠭᠡᠳ ᠠᠭᠤᠯᠠ ᠶᠢᠨ ᠨᠢᠭᠡ ᠲᠠᠯ᠎ᠠ ᠨᠢ ᠤᠮᠠᠷ᠎ᠠ ᠲᠡᠰᠢ᠂ ᠨᠥᠭᠥᠭᠡ ᠲᠠᠯ᠎ᠠ ᠨᠢ ᠡᠮᠦᠨ᠎ᠡ ᠲᠡᠰᠢ ᠨᠡᠭᠦᠵᠦ᠂ 5 ᠠᠭᠤᠯᠠᠰ ᠤᠨ ᠬᠥᠨᠳᠡᠢ ᠨᠢ ᠠᠽᠧᠯ ᠳᠤ ᠬᠦᠷᠬᠦ ᠤᠴᠢᠷ ᠠᠴᠠ ᠲᠠ ᠨᠠᠷ ᠮᠢᠨᠦ ᠠᠭᠤᠯᠠ ᠶᠢᠨ ᠬᠥᠨᠳᠡᠢ ᠪᠠᠷ ᠵᠢᠭᠤᠲᠠᠬᠤ ᠪᠣᠯᠣᠨ᠎ᠠ᠂ ᠲᠠ ᠨᠠᠷ ᠶᠦᠳᠠ ᠶᠢᠨ ᠬᠠᠭᠠᠨ ᠦᠽᠢᠶ᠎ᠠ ᠶᠢᠨ ᠡᠳᠦᠷ ᠤᠳ ᠲᠤ ᠭᠠᠵᠠᠷ ᠬᠥᠳᠡᠯᠦᠯᠲᠡ ᠡᠴᠡ ᠵᠢᠭᠤᠲᠠᠭᠰᠠᠨ ᠰᠢᠭ᠋ ᠢᠶᠠᠨ ᠵᠢᠭᠤᠲᠠᠨ᠎ᠠ᠂ ᠮᠢᠨᠦ ᠪᠤᠷᠬᠠᠨ ᠶᠣᠬᠣᠸᠠ ᠢᠷᠡᠵᠦ᠂ ᠠᠷᠢᠭᠤᠨ ᠪᠦᠭᠦᠳᠡ ᠲᠠᠢ ᠬᠠᠮᠲᠤ ᠢᠷᠡᠨ᠎ᠡ᠃

6 ᠲᠡᠷᠡ ᠡᠳᠦᠷ ᠭᠡᠷᠡᠯ ᠦᠭᠡᠢ᠂ ᠬᠦᠢᠲᠡᠨ ᠴᠤ᠂ ᠬᠢᠷᠠᠭᠤ ᠴᠤ ᠠᠯᠠᠭ᠎ᠠ᠃ 7 ᠡᠳᠦᠷ ᠰᠥᠨᠢ ᠭᠡᠵᠦ ᠦᠭᠡᠢ᠂ ᠵᠥᠪᠬᠡᠨ ᠡᠳᠦᠷ ᠪᠠᠢᠭᠰᠠᠭᠠᠷ (ᠶᠣᠬᠣᠸᠠ ᠡᠭᠦᠨ ᠢ ᠮᠡᠳᠡᠨ᠎ᠡ᠃) ᠦᠳᠡᠰᠢ ᠶᠢᠨ ᠴᠠᠭ ᠲᠤ ᠴᠤ ᠭᠡᠷᠡᠯ ᠲᠡᠢ ᠪᠠᠢᠬᠤ ᠪᠣᠯᠣᠨ᠎ᠠ᠃

8 ᠲᠡᠷᠡ ᠡᠳᠦᠷ ᠠᠮᠢ ᠶᠢᠨ ᠤᠰᠤ ᠶᠧᠷᠦ᠋ᠰᠠᠯᠧᠮ ᠡᠴᠡ ᠤᠨᠳᠤᠷᠴᠤ᠂ ᠬᠠᠭᠠᠰ ᠨᠢ ᠳᠣᠷᠣᠨ᠎ᠠ ᠶᠢᠨ ᠲᠠᠩᠭᠢᠰ ᠤᠷᠤᠭᠤ᠂ ᠬᠠᠭᠠᠰ ᠨᠢ ᠥᠷᠥᠨ᠎ᠡ ᠶᠢᠨ ᠲᠠᠩᠭᠢᠰ ᠤᠷᠤᠭᠤ ᠡᠪᠦᠯ ᠵᠤᠨ ᠦᠭᠡᠢ ᠤᠷᠤᠰᠤᠨ᠎ᠠ᠂ 9 ᠶᠣᠬᠣᠸᠠ ᠪᠦᠬᠦ ᠳᠡᠯᠡᠬᠡᠢ ᠶᠢᠨ ᠬᠠᠭᠠᠨ ᠪᠣᠯᠣᠨ᠎ᠠ᠂ ᠲᠡᠷᠡ ᠡᠳᠦᠷ ᠭᠠᠭᠴᠠ ᠬᠦ ᠶᠣᠬᠣᠸᠠ᠂ ᠭᠠᠭᠴᠠ ᠬᠦ ᠲᠡᠭᠦᠨ ᠦ ᠨᠡᠷ᠎ᠡ ᠪᠠᠢᠬᠤ ᠪᠣᠯᠣᠨ᠎ᠠ᠃

10 ᠭᠧᠪᠠ ᠠᠴᠠ ᠶᠧᠷᠦ᠋ᠰᠠᠯᠧᠮ ᠤᠨ ᠡᠮᠦᠨ᠎ᠡ ᠳᠠᠬᠢ ᠷᠢᠮᠣᠨ ᠬᠦᠷᠲᠡᠯᠡᠬᠢ ᠪᠦᠬᠦ ᠨᠤᠲᠤᠭ ᠲᠠᠯ᠎ᠠ ᠪᠣᠯᠣᠨ ᠬᠤᠪᠢᠷᠠᠨ᠎ᠠ᠂ ᠬᠠᠷᠢᠨ ᠶᠧᠷᠦ᠋ᠰᠠᠯᠧᠮ ᠥᠨᠳᠥᠷ ᠳᠡᠭᠡᠷ᠎ᠡ ᠬᠡᠪ ᠢᠶᠡᠷ ᠢᠶᠠᠨ᠂ ᠪᠢᠨᠶᠠᠮᠢᠨ ᠤ ᠬᠠᠭᠠᠯᠭᠠᠨ ᠠᠴᠠ ᠨᠢᠭᠡᠳᠦᠭᠡᠷ ᠬᠠᠭᠠᠯᠭ᠎ᠠ ᠪᠤᠶᠤ ᠪᠤᠯᠤᠩ ᠤᠨ ᠬᠠᠭᠠᠯᠭ᠎ᠠ ᠬᠦᠷᠲᠡᠯ᠎ᠡ᠂ ᠬᠠᠨᠠᠨᠧᠯ ᠤᠨ ᠴᠠᠮᠬᠠᠭ ᠠᠴᠠ ᠬᠠᠭᠠᠨ ᠤ ᠦᠵᠦᠮ ᠦᠨ ᠰᠢᠬᠠᠭᠤᠷᠭ᠎ᠠ ᠬᠦᠷᠲᠡᠯᠡᠬᠢ ᠪᠠᠢᠷᠢᠯᠠᠯ ᠳᠡᠭᠡᠷ᠎ᠡ ᠪᠡᠨ ᠦᠯᠡᠳᠡᠨ᠎ᠡ᠃ 11 ᠬᠥᠮᠦᠰ ᠲᠡᠨᠳᠡ ᠰᠠᠭᠤᠷᠢᠰᠢᠨ᠎ᠠ᠂ ᠬᠣᠲᠠ ᠳᠠᠬᠢᠨ ᠪᠦᠷᠢᠮᠦᠰᠦᠨ ᠤᠰᠠᠳᠬᠠᠭᠳᠠᠬᠤ ᠦᠭᠡᠢ᠂ ᠶᠧᠷᠦ᠋ᠰᠠᠯᠧᠮ ᠤᠨ ᠬᠢᠨ ᠠᠮᠤᠷ ᠰᠠᠭᠤᠬᠤ ᠪᠣᠯᠣᠨ᠎ᠠ᠃

12 ᠶᠧᠷᠦ᠋ᠰᠠᠯᠧᠮ ᠢ ᠴᠣᠬᠢᠬᠤ ᠪᠠᠷ ᠭᠠᠷᠬᠤ ᠪᠦᠬᠦ ᠦᠨᠳᠦᠰᠦᠲᠡᠨ ᠳᠦ ᠶᠣᠬᠣᠸᠠ ᠶᠢᠨ ᠪᠠᠭᠤᠯᠭᠠᠬᠤ ᠭᠠᠮᠰᠢᠭ ᠡᠨᠡ᠄ ᠲᠡᠳᠡ ᠬᠥᠯ ᠳᠡᠭᠡᠷ᠎ᠡ ᠪᠡᠨ ᠵᠣᠭᠰᠣᠵᠤ ᠪᠠᠢᠬᠤ ᠳᠤ᠂ ᠲᠡᠳᠡᠨ ᠦ ᠮᠢᠬᠠᠨ ᠪᠡᠶ᠎ᠡ ᠢᠯᠵᠠᠷᠠᠨ᠎ᠠ᠂ ᠨᠢᠳᠦ ᠨᠢ ᠤᠬᠤᠷᠬᠠᠢ ᠳᠠᠭᠠᠨ᠂ ᠬᠡᠯᠡ ᠨᠢ ᠠᠮᠠᠨ ᠳᠠᠭᠠᠨ ᠢᠯᠵᠠᠷᠠᠨ᠎ᠠ᠃ 13 ᠲᠡᠷᠡ ᠡᠳᠦᠷ ᠶᠣᠬᠣᠸᠠ ᠲᠡᠳᠡᠨ ᠢ ᠶᠡᠬᠡᠳᠡ ᠰᠠᠮᠭᠠᠷᠳᠠᠭᠤᠯᠤᠨ᠎ᠠ᠃ ᠲᠡᠳᠡ ᠨᠢᠭᠡ ᠨᠢᠭᠡ ᠪᠡᠨ ᠪᠠᠷᠢᠪᠴᠢᠯᠠᠨ᠂ ᠨᠢᠭᠡ ᠨᠢᠭᠡᠨ ᠦ ᠪᠠᠨ ᠥᠭᠡᠳᠡ ᠡᠴᠡ ᠨᠢᠳᠤᠷᠭ᠎ᠠ ᠳᠠᠯᠠᠢᠬᠤ ᠪᠣᠯᠣᠨ᠎ᠠ᠃ 14 ᠶᠦᠳᠠ ᠴᠤ ᠶᠧᠷᠦ᠋ᠰᠠᠯᠧᠮ ᠳᠤ ᠳᠠᠢᠲᠤᠨ᠎ᠠ᠂ ᠡᠷᠭᠢᠨ ᠲᠣᠭᠣᠷᠢᠨ ᠤ ᠬᠢᠨᠢ ᠬᠠᠮᠤᠭ ᠦᠨᠳᠦᠰᠦᠲᠡᠨ ᠦ ᠠᠯᠲᠠ ᠮᠥᠩᠭᠥ᠂ ᠡᠳ᠋ ᠪᠠᠶᠠᠯᠢᠭ ᠪᠠ ᠬᠤᠪᠴᠠᠰᠤ ᠬᠤᠨᠠᠷ ᠠᠰᠤᠷᠤ ᠶᠡᠬᠡ ᠪᠡᠷ ᠴᠤᠭᠯᠠᠭᠤᠯᠤᠭᠳᠠᠨ᠎ᠠ᠃ 15 ᠨᠥᠭᠥᠭᠡ ᠭᠠᠮᠰᠢᠭ ᠲᠠᠢ ᠠᠳᠠᠯᠢᠬᠠᠨ ᠭᠠᠮᠰᠢᠭ ᠮᠣᠷᠢ᠂ ᠯᠠᠭᠤᠰᠠ᠂ ᠲᠡᠮᠡᠭᠡ᠂ ᠡᠯᠵᠢᠭᠡ ᠵᠡᠷᠭᠡ ᠬᠤᠸᠠᠷᠠᠨ ᠳᠠᠬᠢ ᠪᠦᠬᠦ ᠮᠠᠯ ᠢ ᠨᠢ ᠴᠣᠬᠢᠨ᠎ᠠ᠃

16 ᠬᠠᠷᠢᠨ ᠶᠧᠷᠦ᠋ᠰᠠᠯᠧᠮ ᠢ ᠴᠣᠬᠢᠬᠤ ᠪᠠᠷ ᠢᠷᠡᠭᠰᠡᠨ ᠠᠯᠢᠪᠠ ᠦᠨᠳᠦᠰᠦᠲᠡᠨ ᠡᠴᠡ ᠦᠯᠡᠳᠡᠭᠰᠡᠳ ᠨᠢ ᠵᠢᠯ ᠪᠦᠷᠢ ᠢᠷᠡᠵᠦ᠂ ᠬᠠᠭᠠᠨ ᠪᠣᠯᠬᠤ ᠠᠤᠭ᠎ᠠ ᠬᠦᠴᠦᠲᠦ ᠶᠣᠬᠣᠸᠠ ᠳᠤ ᠮᠥᠷᠭᠥᠨ᠂ ᠮᠠᠢᠬᠠᠨ ᠤ ᠪᠠᠶᠠᠷ ᠢ ᠲᠡᠮᠳᠡᠭᠯᠡᠨ᠎ᠡ᠃ 17 ᠳᠡᠯᠡᠬᠡᠢ ᠳᠠᠶᠠᠭᠠᠷ ᠤᠨ ᠠᠯᠢ ᠨᠢᠭᠡ ᠭᠡᠷ ᠪᠦᠯᠢ ᠶᠧᠷᠦ᠋ᠰᠠᠯᠧᠮ ᠳᠤ ᠢᠷᠡᠵᠦ ᠬᠠᠭᠠᠨ ᠪᠣᠯᠬᠤ ᠠᠤᠭ᠎ᠠ ᠬᠦᠴᠦᠲᠦ ᠶᠣᠬᠣᠸᠠ ᠳᠤ ᠮᠥᠷᠭᠥᠬᠦ ᠦᠭᠡᠢ ᠪᠣᠯ᠂ ᠲᠡᠳᠡᠨ ᠦ ᠳᠡᠭᠡᠷ᠎ᠡ ᠪᠣᠷᠣᠭᠠᠨ ᠬᠤᠷ᠎ᠠ ᠣᠷᠣᠬᠤ ᠦᠭᠡᠢ᠃ 18 ᠬᠡᠷᠪᠡ ᠶᠧᠵᠢᠫᠲ ᠤᠨ ᠭᠡᠷ ᠪᠦᠯᠢ ᠢᠷᠡᠬᠦ ᠦᠭᠡᠢ᠂ ᠣᠷᠣᠯᠴᠠᠬᠤ ᠦᠭᠡᠢ ᠪᠣᠯ᠂ ᠲᠡᠳᠡᠨ ᠦ ᠳᠡᠭᠡᠷ᠎ᠡ ᠪᠣᠷᠣᠭᠠᠨ ᠬᠤᠷ᠎ᠠ ᠣᠷᠣᠬᠤ ᠦᠭᠡᠢ᠃ ᠶᠣᠬᠣᠸᠠ ᠮᠠᠢᠬᠠᠨ ᠤ ᠪᠠᠶᠠᠷ ᠢ ᠲᠡᠮᠳᠡᠭᠯᠡᠬᠦ ᠪᠡᠷ ᠢᠷᠡᠳᠡᠭ ᠦᠭᠡᠢ ᠦᠨᠳᠦᠰᠦᠲᠡᠨ ᠨᠦᠭᠦᠳ ᠢ ᠴᠣᠬᠢᠬᠤ ᠭᠠᠮᠰᠢᠭ ᠢ ᠲᠡᠳᠡᠨ ᠦ ᠳᠡᠭᠡᠷ᠎ᠡ ᠪᠠᠭᠤᠯᠭᠠᠨ᠎ᠠ᠃ 19 ᠮᠠᠢᠬᠠᠨ ᠤ ᠪᠠᠶᠠᠷ ᠢ ᠲᠡᠮᠳᠡᠭᠯᠡᠬᠦ ᠪᠡᠷ ᠢᠷᠡᠳᠡᠭ ᠦᠭᠡᠢ ᠶᠧᠵᠢᠫᠲ ᠪᠣᠯᠣᠨ ᠠᠯᠢᠪᠠ ᠦᠨᠳᠦᠰᠦᠲᠡᠨ ᠦ ᠬᠦᠯᠢᠶᠡᠬᠦ ᠰᠢᠳᠬᠡᠯ ᠨᠢ ᠡᠨᠡ ᠶᠤᠮ᠃

20 ᠲᠡᠷᠡ ᠡᠳᠦᠷ ᠮᠣᠷᠢᠳ ᠤᠨ ᠬᠣᠩ᠋ᠭᠣᠨ ᠳᠡᠭᠡᠷ᠎ᠡ ᠴᠤ᠄ 《ᠶᠣᠬᠣᠸᠠ ᠳᠤ ᠠᠷᠢᠭᠤᠨ》 ᠭᠡᠵᠦ ᠰᠡᠢᠯᠦᠭᠳᠡᠭᠰᠡᠨ ᠪᠠᠢᠬᠤ ᠪᠣᠯᠣᠨ᠎ᠠ᠃ ᠶᠣᠬᠣᠸᠠ ᠶᠢᠨ ᠥᠷᠭᠥᠭᠡᠨ ᠳᠠᠬᠢ ᠲᠣᠭᠣᠭ᠎ᠠ ᠨᠤᠭᠤᠳ ᠨᠢ ᠲᠠᠬᠢᠯ ᠤᠨ ᠰᠢᠷᠡᠭᠡᠨ ᠦ ᠡᠮᠦᠨᠡᠬᠢ ᠠᠶᠠᠭ᠎ᠠ ᠨᠤᠭᠤᠳ ᠮᠡᠲᠦ ᠠᠷᠢᠭᠤᠨ᠃ 21 ᠶᠧᠷᠦ᠋ᠰᠠᠯᠧᠮ ᠪᠤᠶᠤ ᠶᠦᠳᠠ ᠶᠢᠨ ᠲᠣᠭᠣᠭ᠎ᠠ ᠪᠦᠷᠢ ᠠᠤᠭ᠎ᠠ ᠬᠦᠴᠦᠲᠦ ᠶᠣᠬᠣᠸᠠ ᠳᠤ ᠠᠷᠢᠭᠤᠨ ᠪᠠᠢᠬᠤ ᠪᠣᠯᠣᠨ᠎ᠠ᠃ ᠲᠠᠬᠢᠯ ᠡᠷᠭᠦᠬᠦ ᠪᠡᠷ ᠢᠷᠡᠭᠴᠢ ᠪᠣᠯᠭᠠᠨ ᠲᠡᠳᠡᠭᠡᠷ ᠢ ᠠᠪᠴᠤ᠂ ᠳᠣᠲᠣᠷ᠎ᠠ ᠨᠢ ᠮᠢᠬ᠎ᠠ ᠶᠢ ᠴᠢᠨᠠᠨ᠎ᠠ᠂ ᠲᠡᠷᠡ ᠡᠳᠦᠷ ᠠᠤᠭ᠎ᠠ ᠬᠦᠴᠦᠲᠦ ᠶᠣᠬᠣᠸᠠ ᠶᠢᠨ ᠥᠷᠭᠥᠭᠡᠨ ᠳᠦ ᠬᠤᠳᠠᠯᠳᠤᠭᠠᠴᠢᠳ 9 ᠠᠯᠠᠭ᠎ᠠ ᠪᠣᠯᠣᠨ᠎ᠠ᠃