1 2 3 4 5 6 7 8 9 10 11 12 13 14


ᠽᠧᠺᠠᠷᠢᠶ᠎ᠠ ᠠᠷᠪᠠ
 ᠢᠰᠷᠧᠯ ᠢ ᠴᠤᠭᠯᠠᠭᠤᠯᠬᠤ ᠠᠮᠠᠯᠠᠯᠲᠠ
1 ᠬᠠᠪᠤᠷ ᠤᠨ ᠦᠶ᠎ᠡ ᠪᠡᠷ ᠶᠣᠬᠣᠸᠠ ᠠᠴᠠ ᠪᠣᠷᠣᠭᠠᠨ ᠭᠤᠶᠤᠭᠲᠤᠨ ᠠᠶᠤᠩ᠋ᠭᠠᠲᠤ ᠡᠭᠦᠯᠡᠰ ᠢ ᠪᠦᠲᠦᠭᠡᠭᠴᠢ ᠨᠢ ᠶᠣᠬᠣᠸᠠ ᠬᠤᠷ᠎ᠠ ᠪᠣᠷᠣᠭ᠎ᠠ ᠶᠢ ᠲᠡᠷᠡ ᠣᠷᠣᠭᠤᠯᠵᠤ ᠬᠥᠮᠦᠨ ᠪᠦᠬᠦᠨ ᠳᠦ ᠲᠠᠯᠠᠪᠠᠢ ᠶᠢᠨ ᠨᠣᠭᠣᠭ᠎ᠠ ᠶᠢ ᠥᠭᠭᠥᠨ᠎ᠡ᠃
2 ᠭᠡᠷ ᠦᠨ ᠰᠢᠲᠦᠭᠡᠨ ᠬᠣᠭᠣᠰᠣᠨ ᠢ ᠶᠠᠷᠢᠳᠠᠭ ᠮᠡᠷᠭᠡᠴᠢ ᠬᠤᠳᠠᠯ ᠦᠵᠡᠭᠳᠡᠯ ᠦᠵᠡᠵᠦ ᠬᠠᠭᠤᠷᠮᠠᠴᠢ ᠵᠡᠭᠦᠳᠦ ᠶᠠᠷᠢᠨ ᠳᠡᠮᠡᠢ ᠦᠭᠡ ᠪᠡᠷ ᠲᠠᠢᠳᠬᠤᠷᠠᠭᠤᠯᠳᠠᠭ ᠲᠡᠢᠮᠦ ᠡᠴᠡ ᠠᠷᠠᠳ ᠲᠦᠮᠡᠨ ᠬᠣᠨᠢ ᠮᠡᠲᠦ ᠲᠡᠨᠦᠨ᠂ ᠬᠣᠨᠢᠴᠢᠨ ᠦᠭᠡᠢ ᠤᠴᠢᠷ ᠠᠴᠠ ᠭᠤᠲᠤᠷᠠᠨ᠎ᠠ᠃
3 ᠠᠭᠤᠷ ᠮᠢᠨᠢ ᠬᠣᠨᠢᠴᠢᠳ ᠤᠨ ᠡᠰᠡᠷᠭᠦ ᠰᠢᠲᠠᠵᠤ ᠤᠳᠤᠷᠢᠳᠤᠭᠴᠢᠳ ᠢ ᠪᠢ ᠰᠢᠳᠬᠡᠨ᠎ᠡ ᠠᠤᠭ᠎ᠠ ᠬᠦᠴᠦᠲᠦ ᠶᠣᠬᠣᠸᠠ ᠥᠪᠡᠷ ᠦᠨ ᠢᠶᠠᠨ ᠰᠦᠷᠦᠭ ᠪᠣᠯᠬᠤ ᠶᠦᠳᠠ ᠶᠢᠨ ᠭᠡᠷ ᠲᠦ ᠰᠠᠨᠠᠭ᠎ᠠ ᠲᠠᠯᠪᠢᠵᠤ ᠲᠡᠳᠡᠨ ᠢ ᠲᠤᠯᠤᠯᠳᠤᠭᠠᠨ ᠳᠠᠬᠢ ᠥᠪᠡᠷ ᠦᠨ ᠢᠶᠠᠨ ᠠᠵᠢᠨᠠᠢ ᠬᠦᠯᠦᠭ ᠮᠡᠲᠦ ᠪᠣᠯᠭᠠᠬᠤ ᠲᠤᠯᠠ
4 ᠲᠡᠳᠡᠨ ᠡᠴᠡ ᠲᠤᠯᠭᠠᠭᠤᠷᠢ ᠴᠢᠯᠠᠭᠤ ᠲᠡᠳᠡᠨ ᠡᠴᠡ ᠮᠠᠢᠬᠠᠨ ᠤ ᠭᠠᠳᠠᠰᠤ ᠲᠡᠳᠡᠨ ᠡᠴᠡ ᠲᠤᠯᠤᠯᠳᠤᠭᠠᠨ ᠤ ᠨᠤᠮᠤ ᠲᠡᠳᠡᠨ ᠡᠴᠡ ᠬᠠᠮᠤᠭ ᠵᠠᠬᠢᠷᠤᠭᠴᠢ ᠭᠠᠷᠬᠤ ᠪᠣᠯᠣᠨ᠎ᠠ᠃
5 ᠲᠡᠳᠡ ᠲᠤᠯᠤᠯᠳᠤᠭᠠᠨ ᠳᠤ ᠰᠢᠪᠠᠷ ᠲᠠᠢ ᠭᠤᠳᠤᠮᠵᠢᠨ ᠳᠤ ᠳᠠᠢᠰᠤᠨ ᠢᠶᠠᠨ ᠳᠡᠪᠰᠡᠯᠡᠬᠦ ᠬᠦᠴᠦᠲᠦ ᠡᠷᠡᠰ ᠮᠡᠲᠦ ᠪᠠᠢᠨ᠎ᠠ᠂ ᠶᠣᠬᠣᠸᠠ ᠲᠡᠳᠡᠨ ᠲᠡᠢ ᠬᠠᠮᠲᠤ ᠪᠠᠢᠳᠠᠭ ᠲᠤᠯᠠ ᠲᠡᠳᠡ ᠳᠠᠢᠲᠤᠵᠤ᠂ ᠮᠣᠷᠢᠲᠠᠳ ᠢ ᠢᠴᠢᠭᠡᠨ᠎ᠡ᠃
6 ᠪᠢ ᠶᠦᠳᠠ ᠶᠢᠨ ᠭᠡᠷ ᠢ ᠲᠡᠩᠬᠡᠷᠡᠭᠦᠯᠵᠦ ᠶᠣᠰᠧᠹ ᠤᠨ ᠭᠡᠷ ᠢ ᠠᠪᠤᠷᠠᠨ᠎ᠠ ᠪᠢ ᠲᠡᠳᠡᠨ ᠢ ᠥᠷᠥ ᠡᠪᠡᠳᠳᠡᠭ ᠲᠤᠯᠠ ᠲᠡᠳᠡᠨ ᠢ ᠪᠤᠴᠠᠭᠠᠨ ᠠᠪᠴᠢᠷᠠᠨ᠎ᠠ ᠪᠢ ᠪᠣᠯ ᠲᠡᠳᠡᠨ ᠦ ᠪᠤᠷᠬᠠᠨ ᠶᠣᠬᠣᠸᠠ᠂ ᠪᠢ ᠲᠡᠳᠡᠨ ᠳᠦ ᠬᠠᠷᠢᠭᠤᠯᠬᠤ ᠤᠴᠢᠷ ᠠᠴᠠ ᠲᠡᠳᠡ ᠨᠠᠳᠠ ᠳᠤ ᠭᠣᠯᠣᠭᠳᠠᠵᠤ ᠪᠠᠢᠭ᠎ᠠ ᠦᠭᠡᠢ ᠮᠡᠲᠦ ᠪᠠᠢᠬᠤ ᠪᠣᠯᠣᠨ᠎ᠠ
7 ᠡᠹᠷᠠᠢᠮ ᠪᠠᠭᠠᠲᠤᠷ ᠮᠡᠲᠦ ᠪᠠᠢᠬᠤ ᠪᠣᠯᠣᠨ᠎ᠠ ᠵᠢᠷᠦᠬᠡ ᠨᠢ ᠳᠠᠷᠠᠰᠤ ᠤᠤᠭᠤᠭᠰᠠᠨ ᠮᠡᠲᠦ ᠬᠥᠭᠰᠡᠵᠦ ᠦᠷ᠎ᠡ ᠬᠡᠦᠬᠡᠳ ᠤᠳ ᠨᠢ ᠲᠡᠭᠦᠨ ᠢ ᠬᠠᠷᠠᠭᠠᠳ ᠬᠥᠭᠰᠡᠨ᠎ᠡ ᠡᠢᠨ ᠬᠦ ᠲᠡᠳᠡᠨ ᠦ ᠵᠢᠷᠦᠬᠡ ᠶᠣᠬᠣᠸᠠ ᠶᠢᠨ ᠳᠣᠲᠣᠷ᠎ᠠ ᠪᠠᠶᠠᠷᠯᠠᠨ᠎ᠠ᠃
8 ᠪᠢ ᠢᠰᠭᠡᠷᠴᠦ ᠲᠡᠳᠡᠨ ᠢ ᠴᠤᠭᠯᠠᠭᠤᠯᠤᠨ᠎ᠠ ᠪᠢ ᠵᠠᠪᠠᠯ ᠲᠡᠳᠡᠨ ᠢ ᠵᠣᠯᠢᠨ ᠠᠪᠤᠨ᠎ᠠ ᠲᠡᠳᠡ ᠤᠷᠢᠳᠤ ᠨᠢ ᠣᠯᠠᠨ ᠪᠠᠢᠭᠰᠠᠨ ᠰᠢᠭ᠋ ᠢᠶᠠᠨ ᠣᠯᠠᠨ ᠪᠣᠯᠣᠨ᠎ᠠ᠃
9 ᠲᠡᠳᠡᠨ ᠢ ᠪᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠵᠤ ᠲᠡᠳᠡ ᠠᠯᠤᠰ ᠬᠣᠯᠠ ᠠᠴᠠ ᠨᠠᠮᠠᠶᠢ ᠰᠠᠨᠠᠨ᠎ᠠ ᠲᠡᠳᠡ ᠦᠷ᠎ᠡ ᠬᠡᠦᠬᠡᠳ ᠤᠳ ᠤᠨ ᠢᠶᠠᠨ ᠬᠠᠮᠲᠤ ᠠᠮᠢᠳᠤ ᠦᠯᠡᠳᠡᠭᠡᠳ ᠪᠤᠴᠠᠵᠤ ᠢᠷᠡᠨ᠎ᠡ᠃
10 ᠪᠢ ᠲᠡᠳᠡᠨ ᠢ ᠶᠧᠵᠢᠫᠲ ᠡᠴᠡ ᠪᠤᠴᠠᠭᠠᠨ ᠠᠪᠴᠢᠷᠠᠵᠤ ᠠᠰᠢᠷᠢᠶ᠎ᠠ ᠠᠴᠠ ᠬᠤᠷᠢᠶᠠᠨ ᠭᠢᠯᠧᠶᠠᠳ᠋ ᠪᠣᠯᠣᠨ ᠯᠧᠪᠠᠨᠣᠨ ᠳᠤ ᠠᠪᠴᠢᠷᠠᠬᠤ ᠳᠤ ᠲᠡᠳᠡ ᠪᠠᠭᠲᠠᠬᠤ ᠦᠭᠡᠢ ᠪᠣᠯᠣᠨ᠎ᠠ᠃
11 ᠲᠡᠷᠡ ᠵᠣᠪᠠᠯᠠᠩ ᠤᠨ ᠲᠠᠩᠭᠢᠰ ᠢ ᠲᠤᠭᠤᠯᠤᠨ ᠲᠠᠩᠭᠢᠰ ᠤᠨ ᠳᠠᠪᠠᠯᠭᠠᠨ ᠢ ᠴᠣᠬᠢᠨ᠎ᠠ ᠨᠢᠯ ᠤᠨ ᠪᠦᠬᠦ ᠭᠦᠨ ᠬᠡᠰᠡᠭ ᠰᠢᠷᠭᠢᠵᠦ ᠠᠰᠢᠷᠢᠶ᠎ᠠ ᠶᠢᠨ ᠪᠠᠷᠳᠠᠮᠨᠠᠯ ᠪᠠᠭᠤᠷᠠᠵᠤ ᠶᠧᠵᠢᠫᠲ ᠤᠨ ᠲᠠᠶᠠᠭ ᠳᠠᠯᠳᠠ ᠣᠷᠣᠨ᠎ᠠ᠃
12 ᠪᠢ ᠲᠡᠳᠡᠨ ᠢ ᠶᠣᠬᠣᠸᠠ ᠶᠢᠨ ᠳᠣᠲᠣᠷ᠎ᠠ ᠲᠡᠩᠬᠡᠷᠡᠭᠦᠯᠦᠨ᠎ᠡ ᠲᠡᠳᠡ ᠮᠢᠨᠦ ᠨᠡᠷ᠎ᠡ ᠪᠡᠷ ᠠᠯᠬᠤᠬᠤ ᠪᠣᠯᠣᠨ᠎ᠠ ᠶᠣᠬᠣᠸᠠ ᠠᠢᠯᠠᠳᠴᠤ ᠪᠠᠢᠨ᠎ᠠ᠃