ᠨᠢᠭᠡᠳᠦᠭᠡᠷ ᠲᠧᠰᠠᠯᠦ᠋ᠨᠢᠺ ᠲᠠᠪᠤ
ᠡᠵᠡᠨ ᠢᠷᠡᠬᠦ ᠳᠦ ᠪᠡᠯᠡᠬᠡᠨ ᠪᠠᠢ
1 ᠠᠬ᠎ᠠ ᠳᠡᠭᠦᠦ ᠨᠠᠷ ᠡ᠂ ᠲᠡᠷᠡ ᠴᠠᠭ ᠬᠤᠭᠤᠴᠠᠭᠠᠨ ᠤ ᠲᠠᠯ᠎ᠠ ᠪᠠᠷ ᠪᠢᠴᠢᠬᠦ ᠬᠡᠷᠡᠭ ᠦᠭᠡᠢ ᠪᠠᠢᠨ᠎ᠠ᠃ 2 ᠤᠴᠢᠷ ᠨᠢ᠂ ᠡᠵᠡᠨ ᠦ ᠡᠳᠦᠷ ᠪᠣᠯ ᠰᠥᠨᠢ ᠶᠢᠨ ᠬᠤᠯᠠᠭᠠᠢᠴᠢ ᠮᠡᠲᠦ ᠢᠷᠡᠬᠦ ᠶᠢ ᠲᠠ ᠨᠠᠷ ᠥᠪᠡᠷᠰᠡᠳ ᠢᠶᠡᠨ ᠲᠣᠳᠣᠷᠬᠠᠢ ᠮᠡᠳᠡᠨ᠎ᠡ᠃ 3 ᠬᠥᠮᠦᠰ᠄ 《ᠠᠮᠤᠷ ᠪᠠᠢᠨ᠎ᠠ᠂ ᠠᠶᠤᠯ ᠦᠭᠡᠢ》 ᠭᠡᠵᠦ ᠪᠠᠢᠲᠠᠯ᠎ᠠ᠂ ᠵᠢᠷᠮᠦᠰᠦᠨ ᠪᠦᠰᠡᠭᠦᠢ ᠳᠦ ᠲᠥᠷᠥᠯᠲᠡ ᠶᠢᠨ ᠡᠪᠡᠷᠰᠢᠶᠡᠯ ᠢᠷᠡᠬᠦ ᠮᠡᠲᠦ ᠭᠡᠨᠡᠳᠲᠡ ᠶᠢᠨ ᠰᠦᠢᠷᠡᠯ ᠲᠡᠳᠡᠨ ᠳᠦ ᠬᠦᠷᠴᠦ ᠢᠷᠡᠨ᠎ᠡ᠃ ᠲᠡᠳᠡ ᠶᠡᠷᠦ ᠮᠤᠯᠲᠤᠷᠠᠬᠤ ᠦᠭᠡᠢ᠃ 4 ᠬᠠᠷᠢᠨ ᠠᠬ᠎ᠠ ᠳᠡᠭᠦᠦ ᠨᠠᠷ ᠮᠢᠨᠢ᠂ ᠲᠠ ᠨᠠᠷ ᠬᠠᠷᠠᠩ᠋ᠭᠤᠢ ᠳᠣᠲᠣᠷ᠎ᠠ ᠪᠠᠢᠳᠠᠭ ᠪᠢᠰᠢ ᠪᠣᠯᠬᠣᠷ ᠲᠡᠷᠡ ᠡᠳᠦᠷ ᠨᠢ ᠬᠤᠯᠠᠭᠠᠢᠴᠢ ᠮᠡᠲᠦ ᠲᠠ ᠨᠠᠷ ᠢ ᠴᠣᠴᠢᠷᠳᠠᠭᠤᠯᠬᠤ ᠪᠢᠰᠢ᠃ 5 ᠲᠠ ᠨᠠᠷ ᠪᠦᠭᠦᠳᠡᠭᠡᠷ ᠢᠶᠡᠨ ᠭᠡᠷᠡᠯ ᠦᠨ ᠬᠡᠦᠬᠡᠳ ᠤᠳ᠂ ᠡᠳᠦᠷ ᠦᠨ ᠬᠡᠦᠬᠡᠳ ᠤᠳ ᠮᠥᠨ᠃ ᠪᠢᠳᠡ ᠰᠥᠨᠢ ᠶᠢᠨ ᠬᠢ ᠪᠢᠰᠢ᠂ ᠬᠠᠷᠠᠩ᠋ᠭᠤᠢ ᠶᠢᠨ ᠬᠢ ᠴᠤ ᠪᠢᠰᠢ᠃ 6 ᠡᠢᠮᠦ ᠡᠴᠡ ᠪᠢᠳᠡ ᠪᠤᠰᠤᠳ ᠲᠠᠢ ᠠᠳᠠᠯᠢ ᠤᠨᠲᠠᠵᠤ ᠪᠣᠯᠬᠤ ᠦᠭᠡᠢ᠂ ᠰᠡᠷᠡᠮᠵᠢ ᠲᠠᠢ᠂ ᠰᠡᠷᠭᠡᠢ ᠪᠠᠢᠵᠠᠭᠠᠶᠠ᠃ 7 ᠤᠴᠢᠷ ᠨᠢ᠂ ᠤᠨᠲᠠᠭᠴᠢᠳ ᠰᠥᠨᠢ ᠤᠨᠲᠠᠵᠤ᠂ ᠰᠣᠭᠲᠣᠭᠴᠢᠳ ᠴᠤ ᠰᠥᠨᠢ ᠰᠣᠭᠲᠣᠳᠠᠭ᠃ 8 ᠬᠠᠷᠢᠨ ᠪᠢᠳᠡ ᠡᠳᠦᠷ ᠦᠨ ᠬᠢ ᠲᠤᠯᠠ ᠰᠡᠷᠭᠡᠢ ᠪᠠᠢᠵᠤ᠂ ᠢᠲᠡᠭᠡᠯ ᠪᠠ ᠬᠠᠢᠷ᠎ᠠ ᠶᠢᠨ ᠡᠯᠢᠭᠡᠪᠴᠢ᠂ ᠠᠪᠤᠷᠠᠯ ᠤᠨ ᠡᠷᠡᠮᠡᠯᠵᠡᠯ ᠲᠡᠢ ᠳᠤᠭᠤᠯᠠᠭ᠎ᠠ ᠶᠢ ᠡᠮᠦᠰᠴᠡᠭᠡᠶᠡ᠃ 9 ᠤᠴᠢᠷ ᠨᠢ᠂ ᠪᠤᠷᠬᠠᠨ ᠪᠢᠳᠡᠨ ᠢ ᠬᠢᠯᠢᠩ ᠳᠤ ᠬᠦᠷᠭᠡᠬᠦ ᠪᠤᠰᠤ᠂ ᠬᠠᠷᠢᠨ ᠪᠢᠳᠡᠨ ᠦ ᠡᠵᠡᠨ ᠢᠰᠦ᠋ᠰ ᠾᠷᠢᠰᠲ᠋ᠣᠰ ᠢᠶᠠᠷ ᠳᠠᠮᠵᠢᠭᠤᠯᠤᠨ ᠠᠪᠤᠷᠠᠯ ᠳᠤ ᠬᠦᠷᠭᠡᠬᠦ ᠪᠡᠷ ᠲᠣᠭᠲᠠᠭᠠᠭᠰᠠᠨ ᠪᠥᠭᠡᠳ 10 ᠪᠢᠳᠡ ᠰᠡᠷᠢᠭᠰᠡᠨ ᠴᠤ ᠪᠠᠢ᠂ ᠤᠨᠲᠠᠭᠰᠠᠨ ᠴᠤ ᠪᠠᠢ᠂ ᠾᠷᠢᠰᠲ᠋ᠣᠰ ᠥᠪᠡᠷ ᠲᠡᠢ ᠪᠡᠨ ᠬᠠᠮᠲᠤ ᠠᠮᠢᠳᠤᠷᠠᠭᠤᠯᠬᠤ ᠶᠢᠨ ᠲᠤᠯᠠᠳᠠ ᠪᠢᠳᠡᠨ ᠦ ᠲᠥᠯᠥᠭᠡ ᠨᠠᠰᠤ ᠪᠠᠷᠠᠭᠰᠠᠨ ᠶᠤᠮ᠃ 11 ᠡᠢᠮᠦ ᠡᠴᠡ ᠲᠠ ᠨᠠᠷ ᠣᠳᠣ ᠶᠢᠨ ᠬᠢᠵᠦ ᠪᠠᠢᠭ᠎ᠠ ᠪᠠᠷ ᠢᠶᠠᠨ ᠪᠡᠶ᠎ᠡ ᠪᠡᠶ᠎ᠡ ᠪᠡᠨ ᠵᠣᠷᠢᠭᠵᠢᠭᠤᠯᠵᠤ᠂ ᠪᠡᠶ᠎ᠡ ᠪᠡᠶ᠎ᠡ ᠪᠡᠨ ᠪᠣᠰᠬᠠᠨ ᠪᠠᠢᠭᠤᠯᠤᠭᠲᠤᠨ᠃
ᠠᠮᠢᠳᠤᠷᠠᠯ ᠤᠨ ᠵᠢᠭᠠᠪᠤᠷᠢ ᠨᠤᠭᠤᠳ
12 ᠠᠬ᠎ᠠ ᠳᠡᠭᠦᠦ ᠨᠠᠷ ᠡ᠂ ᠪᠢᠳᠡ ᠲᠠ ᠨᠠᠷ ᠠᠴᠠ ᠭᠤᠶᠤᠶ᠎ᠠ᠂ ᠲᠠ ᠨᠠᠷ ᠤᠨ ᠳᠤᠮᠳᠠ ᠵᠦᠳᠡᠷᠡᠵᠦ ᠡᠵᠡᠨ ᠦ ᠳᠣᠲᠣᠷ᠎ᠠ ᠲᠠ ᠨᠠᠷ ᠢ ᠮᠠᠩᠯᠠᠢᠯᠠᠨ ᠶᠠᠪᠤᠵᠤ᠂ ᠲᠠ ᠨᠠᠷ ᠢ ᠰᠡᠷᠡᠮᠵᠢᠯᠡᠭᠦᠯᠳᠡᠭ᠌ ᠬᠥᠮᠦᠰ ᠢ ᠠᠩ᠋ᠬᠠᠷᠴᠤ᠂ 13 ᠠᠵᠢᠯ ᠢ ᠨᠢ ᠪᠣᠳᠣᠭᠠᠳ ᠬᠠᠢᠷ᠎ᠠ ᠶᠢᠨ ᠰᠡᠳᠬᠢᠯ ᠢᠶᠠᠷ ᠲᠡᠳᠡᠨ ᠢ ᠡᠷᠬᠢᠮᠯᠡᠨ ᠬᠦᠨᠳᠦᠳᠬᠡ᠃ ᠲᠠ ᠨᠠᠷ ᠪᠡᠶ᠎ᠡ ᠪᠡᠶ᠎ᠡ ᠲᠠᠢ ᠪᠠᠨ ᠡᠪ ᠲᠡᠢ ᠠᠮᠢᠳᠤᠷᠠᠭᠠᠷᠠᠢ᠃ 14 ᠠᠬ᠎ᠠ ᠳᠡᠭᠦᠦ ᠨᠠᠷ ᠡ᠂ ᠲᠠ ᠨᠠᠷ ᠲᠤ ᠵᠥᠪᠯᠡᠶ᠎ᠡ᠃ ᠪᠦᠲᠦᠯ ᠦᠭᠡᠢ ᠬᠥᠮᠦᠰ ᠢ ᠰᠡᠷᠡᠮᠵᠢᠯᠡᠭᠦᠯᠵᠦ᠂ ᠠᠶᠤᠮᠠᠬᠠᠢ ᠬᠥᠮᠦᠰ ᠢ ᠵᠣᠷᠢᠭᠵᠢᠭᠤᠯᠤᠨ᠂ ᠭᠤᠢᠪᠢᠮᠠᠲᠠᠭᠠᠢ ᠬᠥᠮᠦᠰ ᠢ ᠲᠦᠰᠢᠵᠦ᠂ ᠬᠥᠮᠦᠨ ᠪᠦᠬᠦᠨ ᠳᠦ ᠲᠡᠪᠴᠢᠶᠡᠷᠢ ᠲᠠᠢ ᠪᠠᠢ᠃ 15 ᠠᠩ᠋ᠬᠠᠷᠤᠭᠲᠤᠨ᠂ ᠲᠠ ᠨᠠᠷ ᠤᠨ ᠬᠡᠨ ᠨᠢ ᠴᠤ ᠪᠢᠲᠡᠭᠡᠢ ᠮᠠᠭᠤ ᠶᠢ ᠮᠠᠭᠤ ᠪᠠᠷ ᠬᠠᠷᠢᠭᠤᠯ᠃ ᠪᠡᠶ᠎ᠡ ᠪᠡᠶ᠎ᠡ ᠳᠡᠭᠡᠨ ᠴᠤ᠂ ᠪᠦᠬᠦ ᠬᠥᠮᠦᠨ ᠳᠦ ᠴᠤ ᠦᠷᠭᠦᠯᠵᠢᠳᠡ ᠰᠠᠢᠨ ᠢ ᠦᠢᠯᠡᠳᠬᠦ ᠪᠡᠷ ᠲᠡᠮᠡᠦᠯᠦᠭᠲᠦᠨ᠃ 16 ᠦᠷᠭᠦᠯᠵᠢ ᠪᠠᠶᠠᠰᠤᠭᠲᠤᠨ᠂ 17 ᠲᠠᠰᠤᠷᠠᠯᠲᠠ ᠦᠭᠡᠢ ᠳᠠᠭᠠᠳᠬᠠᠭᠲᠤᠨ᠂ 18 ᠠᠯᠢᠪᠠ ᠳᠤ ᠲᠠᠯᠠᠷᠬᠠᠭᠠᠷᠠᠢ᠂ ᠢᠰᠦ᠋ᠰ ᠾᠷᠢᠰᠲ᠋ᠣᠰ ᠤᠨ ᠳᠣᠲᠣᠷ᠎ᠠ ᠲᠠ ᠨᠠᠷ ᠲᠤ ᠬᠠᠨᠳᠤᠭᠰᠠᠨ ᠪᠤᠷᠬᠠᠨ ᠤ ᠬᠦᠰᠡᠯ ᠪᠣᠯ ᠡᠨᠡ ᠮᠥᠨ᠃ 19 ᠠᠷᠢᠭᠤᠨ ᠰᠦᠨᠡᠰᠦ ᠶᠢ ᠪᠦᠦ ᠳᠠᠷᠤ 3 ᠃ 20 ᠡᠰᠢ ᠦᠵᠡᠭᠦᠯᠦᠯᠭᠡ ᠶᠢ ᠪᠦᠦ ᠬᠥᠩᠭᠡᠪᠴᠢᠯᠡ᠃ 21 ᠪᠦᠭᠦᠳᠡ ᠶᠢ ᠰᠢᠯᠭᠠᠵᠤ᠂ ᠰᠠᠢᠨ ᠢ ᠨᠢ ᠪᠠᠷᠢᠮᠲᠠᠯᠠ᠂ 22 ᠶᠠᠩᠵᠤ ᠪᠦᠷᠢ ᠶᠢᠨ ᠮᠠᠭᠤ ᠠᠴᠠ ᠵᠠᠢᠯᠠ᠃
23 ᠠᠮᠤᠭᠤᠯᠠᠩ ᠤᠨ ᠪᠤᠷᠬᠠᠨ ᠥᠪᠡᠷ ᠢᠶᠡᠨ ᠲᠠ ᠨᠠᠷ ᠢ ᠪᠦᠲᠦᠨ ᠢᠶᠡᠷ ᠠᠷᠢᠭᠤᠰᠬᠠᠵᠤ᠂ ᠪᠢᠳᠡᠨ ᠦ ᠡᠵᠡᠨ ᠢᠰᠦ᠋ᠰ ᠾᠷᠢᠰᠲ᠋ᠣᠰ ᠢᠷᠡᠲᠡᠯ᠎ᠡ ᠲᠠ ᠨᠠᠷ ᠤᠨ ᠪᠦᠲᠦᠨ ᠰᠦᠨᠡᠰᠦ᠂ ᠰᠠᠨᠠᠭ᠎ᠠ᠂ ᠪᠡᠶ᠎ᠡ ᠥ ᠦᠭᠡᠢ ᠬᠠᠮᠠᠭᠠᠯᠠᠭᠳᠠᠬᠤ ᠪᠣᠯᠲᠤᠭᠠᠢ᠃ 24 ᠲᠠ ᠨᠠᠷ ᠢ ᠳᠠᠭᠤᠳᠠᠭᠴᠢ ᠨᠢ ᠢᠲᠡᠭᠡᠮᠵᠢᠲᠠᠢ ᠪᠣᠯᠬᠣᠷ ᠥᠪᠡᠷ ᠢᠶᠡᠨ ᠪᠡᠯᠡᠶᠡᠭᠦᠯᠦᠨᠡ᠃
25 ᠠᠬ᠎ᠠ ᠳᠡᠭᠦᠦ ᠨᠠᠷ ᠡ᠂ ᠪᠢᠳᠡᠨ ᠦ ᠲᠥᠯᠥᠭᠡ ᠳᠠᠭᠠᠳᠬᠠᠭᠠᠷᠠᠢ᠃
26 ᠬᠠᠮᠤᠭ ᠠᠬ᠎ᠠ ᠳᠡᠭᠦᠦ ᠳᠦ ᠠᠷᠢᠭᠤᠨ ᠦᠨᠦᠰᠦᠯᠲᠡ ᠪᠡᠷ ᠮᠡᠨᠳᠦ ᠬᠦᠷᠭᠡᠭᠡᠷᠡᠢ᠃ 27 ᠪᠢ ᠡᠵᠡᠨ ᠦ ᠡᠮᠦᠨ᠎ᠡ ᠡᠴᠡ ᠲᠠ ᠨᠠᠷ ᠲᠤ ᠵᠠᠬᠢᠶ᠎ᠠ᠂ ᠡᠨᠡ ᠵᠠᠬᠢᠳᠠᠯ ᠢ ᠪᠦᠬᠦ ᠠᠬ᠎ᠠ ᠳᠡᠭᠦᠦ ᠨᠠᠷ ᠲᠤ ᠤᠩ᠋ᠰᠢᠭᠤᠯ᠃
28 ᠪᠢᠳᠡᠨ ᠦ ᠡᠵᠡᠨ ᠢᠰᠦ᠋ᠰ ᠾᠷᠢᠰᠲ᠋ᠣᠰ ᠤᠨ ᠢᠪᠡᠭᠡᠯ ᠲᠠ ᠨᠠᠷ ᠲᠠᠢ ᠬᠠᠮᠲᠤ ᠪᠠᠢᠬᠤ ᠪᠣᠯᠲᠤᠭᠠᠢ᠃