ᠨᠣᠮᠯᠠᠭᠴᠢ ᠶᠢᠨ ᠦᠭᠡᠰ ᠲᠠᠪᠤ
ᠪᠤᠷᠬᠠᠨ ᠤ ᠡᠮᠦᠨ᠎ᠡ ᠳᠡᠮᠡᠢ ᠶᠠᠷᠢᠵᠤ ᠦᠯᠦ ᠪᠣᠯᠣᠨ᠎ᠠ
1 ᠴᠢ ᠪᠤᠷᠬᠠᠨ ᠤ ᠥᠷᠭᠥᠭᠡᠨ ᠳᠦ ᠣᠴᠢᠬᠤ ᠳᠠᠭᠠᠨ ᠠᠯᠬᠤᠮ ᠢᠶᠠᠨ ᠬᠢᠨᠠᠭᠲᠤᠨ᠃ ᠪᠤᠷᠤᠭᠤ ᠦᠢᠯᠡ ᠪᠡᠨ ᠮᠡᠳᠡᠬᠦ ᠦᠭᠡᠢ ᠮᠤᠩ᠋ᠬᠠᠭ ᠤᠨ ᠲᠠᠬᠢᠯ ᠢ ᠡᠷᠭᠦᠭᠰᠡᠨ ᠡᠴᠡ ᠣᠢᠷᠠᠲᠤᠨ ᠣᠴᠢᠭᠠᠳ ᠴᠢᠩᠨᠠᠭᠰᠠᠨ ᠨᠢ ᠳᠡᠭᠡᠷ᠎ᠡ᠃ 2 ᠪᠤᠷᠬᠠᠨ ᠤ ᠣᠷᠣᠰᠢᠬᠤᠢ ᠳᠤ ᠦᠭᠡ ᠬᠡᠯᠡᠬᠦ ᠭᠡᠵᠦ ᠠᠮᠠ ᠴᠢᠨᠢ ᠪᠦᠦ ᠶᠠᠭᠠᠷᠠᠭ᠂ ᠰᠡᠳᠬᠢᠯ ᠴᠢᠨᠢ ᠪᠦᠦ ᠰᠠᠨᠳᠤᠷᠤᠭ᠃ ᠪᠤᠷᠬᠠᠨ ᠲᠩᠷᠢ ᠳᠤ᠂ ᠴᠢ ᠭᠠᠵᠠᠷ ᠲᠤ ᠪᠠᠢᠨ᠎ᠠ᠂ ᠴᠢᠨᠦ ᠦᠭᠡ ᠴᠥᠭᠡᠬᠡᠨ ᠪᠠᠢᠭ᠃ 3 ᠵᠣᠪᠠᠨᠢᠯ ᠣᠯᠠᠳᠠᠪᠠᠯ ᠵᠡᠭᠦᠳᠦᠨ ᠳᠦ ᠣᠷᠣᠨ᠎ᠠ᠂ ᠦᠭᠡ ᠣᠯᠠᠳᠠᠪᠠᠯ ᠮᠤᠩ᠋ᠬᠠᠭ ᠤᠨ ᠳᠠᠭᠤ ᠬᠣᠭᠣᠯᠠᠢ ᠪᠣᠯᠣᠨ᠎ᠠ᠃
4 ᠪᠤᠷᠬᠠᠨ ᠳᠤ ᠠᠮᠠᠯᠠᠭᠰᠠᠨ ᠪᠣᠯ ᠪᠡᠶᠡᠯᠡᠭᠦᠯᠬᠦ ᠳᠡᠭᠡᠨ ᠪᠦᠦ ᠬᠣᠢᠷᠭᠣᠰᠢ᠃ ᠪᠤᠷᠬᠠᠨ ᠮᠤᠩ᠋ᠬᠠᠭ ᠢ ᠲᠠᠭᠠᠯᠠᠳᠠᠭ ᠦᠭᠡᠢ᠂ ᠠᠮᠠᠯᠠᠭᠰᠠᠨ ᠢᠶᠠᠨ ᠪᠡᠶᠡᠯᠡᠭᠦᠯ︕ 5 ᠠᠮᠠᠯᠠᠭᠠᠳ ᠦᠯᠦ ᠪᠡᠶᠡᠯᠡᠭᠦᠯᠬᠦ ᠡᠴᠡ ᠠᠮᠠᠯᠠᠬᠤ ᠦᠭᠡᠢ ᠪᠠᠢᠬᠤ ᠴᠢᠨᠢ ᠳᠡᠭᠡᠷ᠎ᠡ᠃ 6 ᠠᠮᠠ ᠴᠢᠨᠢ ᠮᠢᠬᠠᠨ ᠪᠡᠶ᠎ᠡ ᠶᠢ ᠴᠢᠨᠢ ᠨᠢᠭᠦᠯ ᠪᠦᠦ ᠦᠢᠯᠡᠳᠦᠭᠦᠯᠦᠭ᠂ ᠪᠤᠷᠬᠠᠨ ᠤ ᠡᠯᠴᠢ ᠶᠢᠨ ᠡᠮᠦᠨ᠎ᠡ 《ᠠᠯᠳᠠᠭ᠎ᠠ ᠪᠠᠢᠵᠠᠢ》 ᠭᠡᠵᠦ ᠪᠦᠦ ᠶᠠᠷᠢᠭ᠃ ᠪᠤᠷᠬᠠᠨ ᠢ ᠠᠭᠤᠷᠰᠠᠭᠤᠯᠵᠤ᠂ ᠭᠠᠷ ᠤᠨ ᠠᠵᠢᠯ ᠢᠶᠠᠨ ᠪᠤᠰᠠᠨᠢᠭᠤᠯᠬᠤ ᠬᠡᠷᠡᠭ ᠶᠠᠭᠤᠨ︖
7 ᠵᠡᠭᠦᠳᠦ ᠣᠯᠠᠨ᠂ ᠦᠭᠡ ᠣᠯᠠᠨ ᠪᠣᠯ ᠬᠣᠭᠣᠰᠣᠨ ᠪᠣᠯᠣᠨ᠎ᠠ᠂ ᠬᠠᠷᠢᠨ ᠴᠢ ᠪᠤᠷᠬᠠᠨ ᠠᠴᠠ ᠡᠮᠢᠶᠡ᠃
ᠡᠳ᠋ ᠪᠠᠶᠠᠯᠢᠭ ᠨᠢ ᠬᠣᠭᠣᠰᠣᠨ
8 ᠭᠠᠵᠠᠷ ᠨᠤᠲᠤᠭ ᠲᠤ ᠶᠠᠳᠠᠭᠤᠰ ᠢ ᠬᠠᠪᠴᠢᠬᠤ ᠪᠠ ᠵᠥᠪ ᠰᠢᠳᠤᠷᠭᠤ ᠶᠣᠰᠣ ᠶᠢ ᠵᠥᠷᠢᠴᠡᠬᠦ ᠶᠢ ᠬᠠᠷᠠᠭᠰᠠᠨ ᠴᠤ ᠪᠦᠦ ᠭᠠᠢᠬ᠎ᠠ᠃ ᠤᠴᠢᠷ ᠨᠢ ᠳᠡᠭᠡᠳᠦ ᠲᠤᠰᠢᠶᠠᠯᠲᠠᠨ ᠤ ᠳᠡᠭᠡᠷ᠎ᠡ ᠳᠡᠭᠡᠳᠦ ᠲᠤᠰᠢᠶᠠᠯᠲᠠᠨ᠂ ᠲᠡᠳᠡᠨ ᠦ ᠳᠡᠭᠡᠷ᠎ᠡ ᠪᠠᠰᠠ ᠳᠡᠭᠡᠳᠦ ᠲᠤᠰᠢᠶᠠᠯᠲᠠᠳ ᠬᠢᠨᠠᠵᠤ ᠪᠠᠢᠨ᠎ᠠ᠃ 9 ᠭᠠᠵᠠᠷ ᠤᠨ ᠠᠰᠢᠭ ᠨᠢ ᠪᠦᠭᠦᠳᠡ ᠶᠢᠨ ᠬᠢ᠂ ᠬᠠᠭᠠᠨ ᠬᠦᠷᠲᠡᠯ᠎ᠡ ᠲᠠᠷᠢᠶᠠᠯᠠᠩ ᠤᠨ ᠬᠠᠩ᠋ᠭᠠᠯᠭ᠎ᠠ ᠶᠢ ᠬᠦᠷᠲᠡᠨ᠎ᠡ 1 ᠃
10 ᠮᠥᠩᠭᠥ ᠶᠢ ᠬᠠᠢᠷᠠᠯᠠᠭᠴᠢ ᠮᠥᠩᠭᠥᠨ ᠳᠤ ᠬᠠᠨᠤᠳᠠᠭ ᠦᠭᠡᠢ᠂ ᠡᠳ᠋ ᠪᠠᠶᠠᠯᠢᠭ ᠢ ᠬᠠᠢᠷᠠᠯᠠᠭᠴᠢ ᠣᠷᠣᠯᠭ᠎ᠠ ᠳᠠᠭᠠᠨ ᠴᠠᠳᠳᠠᠭ ᠦᠭᠡᠢ᠃ ᠡᠨᠡ ᠨᠢ ᠮᠥᠨ ᠯᠠ ᠬᠣᠭᠣᠰᠣᠨ᠃ 11 ᠣᠯᠵᠠ ᠣᠯᠠᠰᠢᠷᠠᠪᠠᠯ ᠡᠳ᠋ᠯᠡᠳᠡᠭ ᠬᠥᠮᠦᠰ ᠨᠢ ᠣᠯᠠᠰᠢᠷᠠᠨ᠎ᠠ᠂ ᠡᠵᠡᠨ ᠳᠦᠨᠢ ᠥᠪᠡᠷ ᠦᠨ ᠢᠶᠠᠨ ᠨᠢᠳᠦ ᠪᠡᠷ ᠲᠡᠭᠦᠨ ᠢ ᠦᠵᠡᠬᠦ ᠡᠴᠡ ᠥᠭᠡᠷ᠎ᠡ ᠠᠰᠢᠭ ᠶᠠᠭᠤ ᠪᠠᠢᠨ᠎ᠠ︖ 12 ᠠᠵᠢᠯᠴᠢᠨ ᠶᠡᠬᠡ ᠢᠳᠡᠭᠰᠡᠨ ᠴᠤ᠂ ᠪᠠᠭ᠎ᠠ ᠢᠳᠡᠭᠰᠡᠨ ᠴᠤ ᠨᠣᠢᠷ ᠨᠢ ᠠᠮᠲᠠᠲᠠᠢ᠂ ᠪᠠᠶᠠᠨ ᠬᠥᠮᠦᠨ ᠴᠠᠳᠬᠤᠯᠠᠩ ᠪᠠᠢᠭᠰᠠᠨ ᠢᠶᠠᠷ ᠢᠶᠠᠨ ᠲᠠᠢᠪᠤᠩ ᠨᠣᠢᠷᠰᠣᠳᠠᠭ ᠪᠢᠰᠢ᠃
13 ᠨᠠᠷᠠᠨ ᠤ ᠳᠣᠣᠷ᠎ᠠ ᠪᠢ ᠨᠢᠭᠡᠨ ᠭᠠᠰᠠᠯᠤᠮᠠᠷ ᠭᠠᠢ ᠶᠢ ᠦᠵᠡᠪᠡ᠃ ᠬᠠᠳᠠᠭᠠᠯᠠᠭᠰᠠᠨ ᠪᠠᠶᠠᠯᠢᠭ ᠨᠢ ᠡᠵᠡᠨ ᠳᠡᠭᠡᠨ ᠭᠠᠢ ᠠᠪᠴᠢᠷᠠᠪᠠ᠃ 14 ᠭᠠᠢ ᠠᠴᠠ ᠪᠣᠯᠵᠤ᠂ ᠪᠠᠶᠠᠯᠢᠭ ᠨᠢ ᠦᠭᠡᠢ ᠪᠣᠯᠪᠠ᠃ ᠬᠦᠦ ᠲᠠᠢ ᠪᠣᠯᠪᠠᠴᠤ ᠭᠠᠷ ᠲᠤᠨᠢ ᠶᠠᠭᠤ ᠴᠤ ᠦᠭᠡᠢ ᠬᠣᠴᠣᠷᠪᠠ᠃ 15 ᠲᠡᠷᠡ ᠪᠡᠷ ᠡᠬᠡ ᠶᠢᠨ ᠢᠶᠠᠨ ᠬᠡᠪᠡᠯᠢ ᠡᠴᠡ ᠭᠠᠷᠬᠤ ᠳᠠᠭᠠᠨ ᠨᠢᠴᠦᠭᠦᠨ ᠢᠷᠡᠭᠰᠡᠨ ᠰᠢᠭ ᠢᠶᠠᠨ ᠨᠢᠴᠦᠭᠦᠨ ᠪᠤᠴᠠᠬᠤ ᠪᠣᠯᠣᠨ᠎ᠠ᠃ ᠲᠡᠷᠡ ᠬᠥᠳᠡᠯᠮᠦᠷᠢᠯᠡᠵᠦ ᠣᠯᠣᠭᠰᠠᠨ ᠠᠴᠠ ᠪᠠᠨ ᠶᠠᠭᠤ ᠶᠢ ᠴᠤ ᠭᠠᠷ ᠲᠠᠭᠠᠨ ᠠᠪᠠᠴᠢᠵᠤ ᠴᠢᠳᠠᠬᠤ ᠦᠭᠡᠢ᠃ 16 ᠡᠨᠡ ᠨᠢ ᠦᠨᠡᠬᠡᠷ ᠭᠠᠰᠠᠯᠤᠮᠠᠷ ᠭᠠᠢ ᠶᠤᠮ᠂ ᠬᠥᠮᠦᠨ ᠢᠷᠡᠭᠰᠡᠨ ᠲᠡᠢ ᠪᠡᠨ ᠠᠳᠠᠯᠢ ᠶᠠᠪᠤᠨ᠎ᠠ᠂ ᠲᠡᠭᠡᠪᠡᠯ ᠲᠡᠭᠦᠨ ᠳᠦ ᠶᠠᠭᠤ ᠨᠢ ᠠᠰᠢᠭ ᠲᠠᠢ ᠪᠤᠢ︖ ᠲᠡᠷᠡ ᠪᠡᠷ ᠰᠠᠯᠬᠢᠨ ᠤ ᠲᠥᠯᠥᠭᠡ ᠬᠥᠳᠡᠯᠮᠦᠷᠢᠯᠡᠨ 17 ᠪᠦᠬᠦᠢᠯᠡ ᠡᠳᠦᠷ ᠦᠨ ᠢᠶᠠᠨ ᠲᠤᠷᠰᠢ ᠦᠯᠡᠮᠵᠢ ᠤᠢ ᠭᠠᠰᠢᠭᠤ᠂ ᠡᠪᠡᠳᠴᠢᠨ᠂ ᠠᠭᠤᠷ ᠬᠢᠯᠢᠩ ᠲᠠᠢ ᠪᠠᠷ ᠬᠠᠷᠠᠩ᠋ᠭᠤᠢ ᠳᠤ ᠬᠣᠭᠣᠯᠠᠯᠠᠬᠤ ᠪᠣᠯᠣᠨ᠎ᠠ᠃
18 ᠢᠩᠭᠢᠭᠡᠳ ᠪᠢ ᠤᠬᠠᠭᠠᠷᠠᠯ᠎ᠠ᠃ ᠪᠤᠷᠬᠠᠨ ᠤ ᠰᠣᠶᠣᠷᠬᠠᠭᠰᠠᠨ ᠠᠮᠢᠳᠤᠷᠠᠯ ᠤᠨ ᠢᠶᠠᠨ ᠪᠦᠬᠦᠢᠯᠡ ᠡᠳᠦᠷ ᠢᠶᠡᠷ ᠢᠳᠡᠵᠦ ᠤᠤᠭᠤᠨ᠂ ᠨᠠᠷᠠᠨ ᠤ ᠳᠣᠣᠷ᠎ᠠ ᠬᠥᠳᠡᠯᠮᠦᠷᠢᠯᠡᠭᠰᠡᠨ ᠪᠦᠬᠦ ᠬᠥᠳᠡᠯᠮᠦᠷᠢ ᠡᠴᠡ ᠪᠡᠨ ᠵᠢᠷᠭᠠᠯ ᠢ ᠠᠮᠰᠠᠬᠤ ᠨᠢ ᠬᠥᠮᠦᠨ ᠳᠦ ᠰᠠᠢᠨ ᠰᠠᠢᠬᠠᠨ᠃ ᠲᠡᠭᠦᠨ ᠦ ᠬᠤᠪᠢ ᠨᠣᠭᠳᠠᠯ ᠡᠨᠡ ᠶᠤᠮ᠃ 19 ᠪᠤᠷᠬᠠᠨ ᠶᠠᠮᠠᠷ ᠨᠢᠭᠡ ᠬᠥᠮᠦᠨ ᠳᠦ ᠡᠳ᠋ ᠪᠠᠶᠠᠯᠢᠭ ᠰᠣᠶᠣᠷᠬᠠᠵᠤ᠂ ᠲᠡᠭᠦᠨ ᠢ ᠠᠰᠢᠭᠯᠠᠬᠤ᠂ ᠬᠤᠪᠢ ᠨᠣᠭᠳᠠᠯ ᠢᠶᠠᠨ ᠬᠦᠯᠢᠶᠡᠨ ᠠᠪᠴᠤ᠂ ᠬᠥᠳᠡᠯᠮᠦᠷᠢ ᠲᠡᠭᠡᠨ ᠪᠠᠶᠠᠷᠯᠠᠬᠤ ᠶᠢ ᠵᠥᠪᠰᠢᠶᠡᠷᠡᠭᠰᠡᠨ ᠪᠣᠯ᠂ ᠡᠨᠡ ᠨᠢ ᠪᠤᠷᠬᠠᠨ ᠤ ᠬᠡᠰᠢᠭ ᠮᠥᠨ᠃ 20 ᠪᠤᠷᠬᠠᠨ ᠵᠢᠷᠦᠬᠡ ᠶᠢ ᠨᠢ ᠪᠠᠶᠠᠰᠬᠤᠯᠠᠩ ᠲᠠᠢ ᠪᠠᠢᠯᠭᠠᠳᠠᠭ ᠲᠤᠯᠠ ᠲᠡᠷᠡ ᠠᠮᠢᠳᠤᠷᠠᠯ ᠤᠨ ᠢᠶᠠᠨ ᠡᠳᠦᠷ ᠤᠳ ᠲᠤ ᠶᠡᠬᠡ ᠰᠠᠨᠠᠭ᠎ᠠ ᠪᠣᠯᠬᠤ ᠬᠡᠷᠡᠭ ᠦᠭᠡᠢ᠃