1 2 3 4 5 6 7 8 9 10 11 12


ᠨᠣᠮᠯᠠᠭᠴᠢ ᠶᠢᠨ ᠦᠭᠡᠰ ᠭᠤᠷᠪᠠ
 ᠪᠦᠬᠦ ᠶᠠᠪᠤᠳᠠᠯ ᠥᠪᠡᠷ ᠦᠨ ᠴᠠᠭ ᠲᠠᠢ
1 ᠲᠩᠷᠢ ᠶᠢᠨ ᠳᠣᠣᠷᠠᠬᠢ ᠪᠦᠬᠦ ᠵᠦᠢᠯ ᠳᠤ ᠬᠤᠭᠤᠴᠠᠭ᠎ᠠ᠂ ᠪᠦᠬᠦ ᠶᠠᠪᠤᠳᠠᠯ ᠳᠤ ᠴᠠᠭ ᠪᠤᠢ᠃
2 ᠲᠥᠷᠥᠬᠦ ᠴᠠᠭ ᠬᠢᠭᠡᠳ ᠦᠬᠦᠬᠦ ᠴᠠᠭ ᠲᠠᠷᠢᠬᠤ ᠴᠠᠭ ᠬᠢᠭᠡᠳ ᠲᠠᠷᠢᠭᠰᠠᠨ ᠢᠶᠠᠨ ᠬᠠᠳᠤᠬᠤ ᠴᠠᠭ
3 ᠠᠯᠠᠬᠤ ᠴᠠᠭ ᠬᠢᠭᠡᠳ ᠠᠨᠠᠭᠠᠬᠤ ᠴᠠᠭ ᠨᠤᠷᠠᠭᠠᠬᠤ ᠴᠠᠭ ᠬᠢᠭᠡᠳ ᠪᠣᠰᠬᠠᠬᠤ ᠴᠠᠭ
4 ᠤᠬᠢᠯᠠᠬᠤ ᠴᠠᠭ ᠬᠢᠭᠡᠳ ᠢᠨᠢᠶᠡᠬᠦ ᠴᠠᠭ ᠭᠠᠰᠢᠭᠤᠳᠠᠬᠤ ᠴᠠᠭ ᠬᠢᠭᠡᠳ ᠪᠥᠵᠢᠭᠯᠡᠬᠦ ᠴᠠᠭ
5 ᠴᠢᠯᠠᠭᠤ ᠰᠢᠳᠡᠬᠦ ᠴᠠᠭ ᠬᠢᠭᠡᠳ ᠴᠢᠯᠠᠭᠤ ᠴᠤᠭᠯᠠᠭᠤᠯᠬᠤ ᠴᠠᠭ ᠲᠡᠪᠡᠷᠢᠬᠦ ᠴᠠᠭ ᠬᠢᠭᠡᠳ ᠲᠡᠪᠡᠷᠢᠯᠲᠡ ᠡᠴᠡ ᠬᠣᠯᠠᠳᠠᠬᠤ ᠴᠠᠭ
6 ᠣᠯᠬᠤ ᠴᠠᠭ ᠬᠢᠭᠡᠳ ᠠᠯᠳᠠᠬᠤ ᠴᠠᠭ ᠬᠠᠳᠠᠭᠠᠯᠠᠬᠤ ᠴᠠᠭ ᠬᠢᠭᠡᠳ ᠬᠠᠶᠠᠬᠤ ᠴᠠᠭ
7 ᠤᠷᠠᠬᠤ ᠴᠠᠭ ᠬᠢᠭᠡᠳ ᠣᠶᠣᠬᠤ ᠴᠠᠭ ᠳᠤᠭᠤᠢ ᠴᠠᠭ ᠬᠢᠭᠡᠳ ᠳᠤᠤᠭᠠᠷᠬᠤ ᠴᠠᠭ
8 ᠬᠠᠢᠷᠠᠯᠠᠬᠤ ᠴᠠᠭ ᠬᠢᠭᠡᠳ ᠬᠣᠷᠣᠰᠬᠤ ᠴᠠᠭ ᠳᠠᠢᠲᠤᠬᠤ ᠴᠠᠭ ᠬᠢᠭᠡᠳ ᠨᠠᠢᠷᠠᠮᠳᠠᠬᠤ ᠴᠠᠭ ᠪᠠᠢᠳᠠᠭ ᠠᠵᠢ᠃

9 ᠦᠢᠯᠡᠳᠦᠭᠴᠢ ᠨᠢ ᠵᠢᠳᠬᠦᠭᠰᠡᠨ ᠢᠶᠡᠷ ᠢᠶᠠᠨ ᠶᠠᠭᠤ ᠣᠯᠬᠤ ᠪᠢᠯᠡ︖ 10 ᠬᠥᠮᠦᠨ ᠦ ᠬᠥᠪᠡᠭᠦᠳ ᠲᠦ ᠪᠤᠷᠬᠠᠨ ᠤ ᠡᠭᠦᠷᠦᠭᠦᠯᠦᠭᠰᠡᠨ ᠠᠴᠢᠶ᠎ᠠ ᠶᠢ ᠪᠢ ᠬᠠᠷᠠᠪᠠ᠃ 11 ᠪᠤᠷᠬᠠᠨ ᠪᠦᠬᠦᠨ ᠢ ᠴᠠᠭ ᠲᠤᠨᠢ ᠰᠠᠢᠬᠠᠨ ᠪᠠᠢᠯᠭᠠᠬᠤ ᠪᠠᠷ ᠪᠦᠲᠦᠭᠡᠵᠦ᠂ ᠬᠥᠮᠦᠨ ᠦ ᠰᠡᠳᠬᠢᠯ ᠳᠤ ᠥᠨᠢ ᠮᠥᠩᠬᠡ ᠶᠢ ᠬᠢᠵᠡᠢ᠃ ᠬᠠᠷᠢᠨ ᠬᠥᠮᠦᠨ ᠪᠤᠷᠬᠠᠨ ᠤ ᠬᠢᠳᠡᠭ ᠦᠢᠯᠡᠰ ᠢ ᠡᠬᠢᠨ ᠡᠴᠡ ᠨᠢ ᠡᠴᠦᠰ ᠲᠤᠨᠢ ᠬᠦᠷᠲᠡᠯ᠎ᠡ ᠣᠢᠯᠠᠭᠠᠬᠤ ᠦᠭᠡᠢ ᠤᠴᠢᠷ 12 ᠬᠥᠮᠦᠨ ᠠᠮᠢᠳᠤᠷᠠᠬᠤ ᠵᠠᠭᠤᠷ᠎ᠠ ᠪᠠᠨ ᠪᠠᠶᠠᠰᠬᠤᠯᠠᠩ ᠲᠠᠢ ᠪᠠᠢᠵᠤ᠂ ᠰᠠᠢᠨ ᠢ ᠦᠢᠯᠡᠳᠬᠦ ᠡᠴᠡ ᠳᠡᠭᠡᠷ᠎ᠡ ᠵᠦᠢᠯ ᠦᠭᠡᠢ᠃ 13 ᠶᠠᠮᠠᠷ ᠬᠥᠮᠦᠨ ᠴᠤ ᠭᠡᠰᠡᠨ ᠢᠳᠡᠵᠦ ᠤᠤᠭᠤᠨ᠂ ᠵᠢᠳᠬᠦᠭᠰᠡᠨ ᠪᠣᠯᠭᠠᠨ ᠢᠶᠠᠷ ᠢᠶᠠᠨ ᠰᠠᠢᠨ ᠢ ᠠᠮᠰᠠᠬᠤ ᠨᠢ ᠪᠤᠷᠬᠠᠨ ᠤ ᠬᠡᠰᠢᠭ ᠭᠡᠳᠡᠭ ᠢ ᠪᠢ ᠣᠢᠯᠠᠭᠠᠯ᠎ᠠ᠃ 14 ᠮᠥᠨ ᠪᠤᠷᠬᠠᠨ ᠤ ᠦᠢᠯᠡ ᠪᠣᠯᠭᠠᠨ ᠮᠥᠩᠬᠡᠳᠡ ᠦᠯᠡᠳᠡᠳᠡᠭ ᠢ᠂ ᠲᠡᠭᠦᠨ ᠳᠦᠨᠢ ᠨᠡᠮᠡᠬᠦ ᠪᠤᠶᠤ ᠲᠡᠭᠦᠨ ᠡᠴᠡ ᠨᠢ ᠬᠠᠰᠤᠬᠤ ᠵᠦᠢᠯ ᠪᠠᠢᠬᠤ ᠦᠭᠡᠢ ᠭᠡᠳᠡᠭ ᠢ ᠪᠢ ᠣᠢᠯᠠᠭᠠᠯ᠎ᠠ᠃ ᠪᠤᠷᠬᠠᠨ ᠡᠢᠨ ᠬᠦ ᠦᠢᠯᠡᠳᠳᠡᠭ ᠤᠴᠢᠷ ᠠᠴᠠ ᠬᠥᠮᠦᠨ ᠲᠡᠭᠦᠨ ᠡᠴᠡ ᠡᠮᠢᠶᠡᠬᠦ ᠶᠣᠰᠣᠲᠠᠢ᠃ 15 ᠣᠳᠣ ᠪᠠᠢᠭ᠎ᠠ ᠨᠢ ᠬᠡᠳᠦᠢᠨᠡᠢ ᠪᠠᠢᠭᠰᠠᠨ᠂ ᠬᠣᠵᠢᠮ ᠪᠠᠢᠬᠤ ᠨᠢ ᠴᠤ ᠬᠡᠳᠦᠢᠨᠡᠢ ᠪᠠᠢᠭᠰᠠᠨ᠃ ᠲᠡᠢᠨ ᠬᠦ ᠪᠤᠷᠬᠠᠨ ᠥᠩᠭᠡᠷᠡᠭᠰᠡᠨ ᠢ ᠳᠠᠬᠢᠨ ᠬᠠᠢᠵᠤ ᠠᠪᠴᠢᠷᠠᠳᠠᠭ᠃
 ᠬᠥᠮᠦᠨ ᠦ ᠠᠮᠢᠳᠤᠷᠠᠯ ᠤᠨ ᠤᠳᠬ᠎ᠠ ᠦᠭᠡᠢ ᠪᠠᠢᠳᠠᠯ

16 ᠪᠢ ᠮᠥᠨ ᠨᠠᠷᠠᠨ ᠤ ᠳᠣᠣᠷ᠎ᠠ ᠰᠢᠳᠤᠷᠭᠤ ᠭᠡᠭᠳᠡᠬᠦ ᠭᠠᠵᠠᠷ ᠲᠤ ᠪᠤᠷᠤᠭᠤ ᠨᠢ᠂ ᠵᠥᠪ ᠭᠡᠭᠳᠡᠬᠦ ᠭᠠᠵᠠᠷ ᠲᠤ ᠪᠤᠷᠤᠭᠤ ᠨᠢ ᠪᠠᠢᠬᠤ ᠶᠢ ᠦᠵᠡᠭᠡᠳ 17 ᠵᠢᠷᠦᠬᠡᠨ ᠳᠡᠭᠡᠨ 《ᠶᠠᠪᠤᠳᠠᠯ ᠪᠣᠯᠭᠠᠨ ᠳᠤ᠂ ᠦᠢᠯᠡ ᠪᠣᠯᠭᠠᠨ ᠳᠤ ᠲᠣᠭᠲᠠᠭᠰᠠᠨ ᠴᠠᠭ ᠪᠤᠢ᠂ ᠪᠤᠷᠬᠠᠨ ᠵᠥᠪᠲᠡᠨ ᠪᠤᠷᠤᠭᠤᠲᠠᠨ ᠢ ᠲᠡᠨᠳᠡ ᠪᠡᠨ ᠰᠢᠭᠦᠬᠦ ᠪᠣᠯᠣᠨ᠎ᠠ》 ᠭᠡᠵᠦ᠂ 18 ᠪᠠᠰᠠ ᠬᠥᠮᠦᠨ ᠦ ᠬᠥᠪᠡᠭᠦᠳ ᠦᠨ ᠦᠢᠯᠡ ᠬᠡᠷᠡᠭ ᠦᠨ ᠲᠠᠯ᠎ᠠ ᠪᠠᠷ ᠪᠣᠳᠣᠵᠤ 《ᠥᠪᠡᠷᠰᠡᠳ ᠢᠶᠡᠨ ᠠᠳᠤᠭᠤᠰᠤ ᠶᠤᠮ ᠭᠡᠳᠡᠭ ᠢᠶᠡᠨ ᠲᠠᠨᠢᠬᠤᠢᠴᠠ ᠪᠠᠷ ᠪᠤᠷᠬᠠᠨ ᠲᠡᠳᠡᠨ ᠢ ᠲᠤᠷᠰᠢᠭᠠᠰᠠᠢ》 ᠭᠡᠪᠡ᠃ 19 ᠤᠴᠢᠷ ᠨᠢ ᠬᠥᠮᠦᠨ ᠦ ᠬᠤᠪᠢ ᠲᠠᠪᠢᠯᠠᠩ ᠠᠳᠤᠭᠤᠰᠤᠨ ᠤ ᠬᠤᠪᠢ ᠲᠠᠪᠢᠯᠠᠩ ᠲᠠᠢ ᠠᠳᠠᠯᠢ᠂ ᠨᠢᠭᠡ ᠨᠢ ᠦᠬᠦᠳᠡᠭ ᠦᠨ ᠠᠳᠠᠯᠢ ᠨᠥᠭᠥᠭᠡ ᠨᠢ ᠴᠤ ᠦᠬᠦᠨ᠎ᠡ᠃ ᠠᠯᠢ ᠠᠯᠢ ᠨᠢ ᠴᠤ ᠢᠵᠢᠯᠬᠡᠨ ᠠᠮᠢᠰᠬᠤᠯ ᠲᠠᠢ᠃ ᠬᠥᠮᠦᠨ ᠳᠦ ᠠᠳᠤᠭᠤᠰᠤᠨ ᠠᠴᠠ ᠳᠡᠭᠡᠷ᠎ᠡ ᠶᠠᠭᠤᠮ᠎ᠠ ᠠᠯᠠᠭ᠎ᠠ᠂ ᠪᠦᠭᠦᠳᠡ ᠬᠣᠭᠣᠰᠣᠨ︕ 20 ᠬᠣᠶᠠᠭᠤᠯᠠ ᠪᠠᠨ ᠨᠢᠭᠡ ᠯᠠ ᠭᠠᠵᠠᠷ ᠤᠷᠤᠭᠤ ᠶᠠᠪᠤᠨ᠎ᠠ᠃ ᠬᠣᠶᠠᠭᠤᠯᠠ ᠪᠠᠨ ᠰᠢᠷᠣᠢ ᠠᠴᠠ ᠢᠷᠡᠵᠦ᠂ ᠬᠣᠶᠠᠭᠤᠯᠠ ᠰᠢᠷᠣᠢ ᠳᠠᠭᠠᠨ ᠪᠤᠴᠠᠨ᠎ᠠ᠃ 21 ᠬᠥᠮᠦᠨ ᠦ ᠠᠮᠢᠰᠬᠤᠯ ᠳᠡᠭᠡᠭᠰᠢ ᠭᠠᠷᠴᠤ᠂ ᠠᠳᠤᠭᠤᠰᠤᠨ ᠤ ᠠᠮᠢᠰᠬᠤᠯ ᠭᠠᠵᠠᠷ ᠠᠴᠠ ᠳᠣᠭᠣᠭᠰᠢ ᠪᠠᠭᠤᠳᠠᠭ ᠭᠡᠵᠦ ᠬᠡᠨ ᠮᠡᠳᠡᠬᠦ ᠪᠢᠯᠡ︖ 22 ᠲᠡᠢᠮᠦ ᠡᠴᠡ ᠬᠥᠮᠦᠨ ᠦ ᠬᠤᠪᠢ ᠳᠤ᠂ ᠦᠢᠯᠡᠳᠴᠦ ᠪᠠᠢᠭ᠎ᠠ ᠪᠠᠷ ᠢᠶᠠᠨ ᠪᠠᠶᠠᠰᠬᠤᠯᠠᠩ ᠲᠠᠢ ᠪᠠᠢᠬᠤ ᠠᠴᠠ ᠰᠠᠢᠨ ᠨᠢ ᠦᠭᠡᠢ ᠭᠡᠳᠡᠭ ᠢ ᠪᠢ ᠣᠢᠯᠠᠭᠠᠯ᠎ᠠ᠃ ᠲᠡᠭᠦᠨ ᠦ ᠬᠤᠪᠢ ᠨᠣᠭᠳᠠᠯ ᠡᠨᠡ ᠶᠤᠮ᠃ ᠲᠡᠭᠦᠨ ᠡᠴᠡ ᠬᠣᠢᠰᠢ ᠶᠠᠭᠤ ᠪᠣᠯᠬᠤ ᠶᠢ ᠦᠵᠡᠭᠦᠯᠬᠦ ᠪᠡᠷ ᠬᠡᠨ ᠲᠡᠭᠦᠨ ᠢ ᠳᠠᠭᠠᠭᠤᠯᠵᠤ ᠴᠢᠳᠠᠬᠤ ᠪᠢᠯᠡ︖