ᠨᠣᠮᠯᠠᠭᠴᠢ ᠶᠢᠨ ᠦᠭᠡᠰ ᠠᠷᠪᠠᠨ ᠨᠢᠭᠡ
ᠥᠨᠥᠳᠥᠷ ᠢᠶᠡᠨ ᠨᠠᠨᠳᠢᠩᠨᠠ
1 ᠤᠰᠤᠨ ᠤ ᠳᠡᠭᠡᠭᠦᠷ ᠬᠦᠨᠡᠰᠦ ᠪᠡᠨ ᠶᠠᠪᠤᠭᠤᠯ ᠣᠯᠠᠨ ᠬᠣᠨᠣᠭ ᠤᠨ ᠳᠠᠷᠠᠭ᠎ᠠ ᠲᠡᠭᠦᠨ ᠢ ᠪᠠᠨ ᠣᠯᠣᠨ᠎ᠠ᠃
2 ᠥᠪᠡᠷ ᠦᠨ ᠢᠶᠠᠨ ᠬᠤᠪᠢ ᠶᠢ ᠳᠣᠯᠣᠭ᠎ᠠ᠂ ᠨᠠᠢ᠌ᠮᠠ ᠳᠤ ᠬᠤᠪᠢᠶᠠᠵᠤ ᠥᠭ ᠭᠠᠵᠠᠷ ᠳᠡᠭᠡᠷ᠎ᠡ ᠶᠠᠮᠠᠷ ᠭᠠᠮᠰᠢᠭ ᠲᠣᠬᠢᠶᠠᠯᠳᠤᠬᠤ ᠶᠢ ᠴᠢ ᠮᠡᠳᠡᠬᠦ ᠦᠭᠡᠢ᠃
3 ᠡᠭᠦᠯᠡ ᠪᠣᠷᠣᠭᠠᠨ ᠢᠶᠠᠷ ᠳᠦᠭᠦᠷᠪᠡᠯ ᠭᠠᠵᠠᠷ ᠳᠡᠭᠡᠷ᠎ᠡ ᠴᠢᠳᠬᠤᠳᠠᠭ ᠡᠮᠦᠨᠡᠰᠢ ᠪᠠᠨ ᠬᠣᠢᠰᠢ ᠪᠠᠨ ᠤᠨᠠᠭᠰᠠᠨ ᠮᠣᠳᠣ ᠲᠡᠷᠡ ᠭᠠᠵᠠᠷ ᠲᠠᠭᠠᠨ ᠪᠠᠢᠳᠠᠭ᠃
4 ᠰᠠᠯᠬᠢ ᠶᠢ ᠰᠢᠨᠵᠢᠭᠴᠢ ᠨᠢ ᠲᠠᠷᠢᠶᠠᠯᠠᠬᠤ ᠦᠭᠡᠢ ᠡᠭᠦᠯᠡᠰ ᠢ ᠠᠵᠢᠭᠯᠠᠭᠴᠢ ᠨᠢ ᠬᠤᠷᠢᠶᠠᠬᠤ ᠦᠭᠡᠢ᠃
5 ᠵᠢᠷᠮᠦᠰᠦᠨ ᠡᠮᠡᠭᠲᠡᠢ ᠶᠢᠨ ᠬᠡᠪᠡᠯᠢ ᠳᠠᠬᠢ ᠶᠠᠰᠤᠨ ᠳᠤ ᠰᠦᠨᠡᠰᠦᠨ ᠦ ᠣᠷᠣᠬᠤ ᠵᠠᠮ ᠢ ᠴᠢ ᠦᠯᠦ ᠮᠡᠳᠡᠨ᠎ᠡ᠂ ᠪᠦᠬᠦᠨ ᠢ ᠪᠦᠲᠦᠭᠡᠭᠴᠢ ᠪᠤᠷᠬᠠᠨ ᠤ ᠦᠢᠯᠡᠰ ᠢ ᠴᠢ ᠦᠯᠦ ᠮᠡᠳᠡᠨ᠎ᠡ᠃ 6 ᠥᠷᠯᠥᠭᠡ ᠦᠷ᠎ᠡ ᠪᠡᠨ ᠰᠠᠴᠤ᠂ ᠦᠳᠡᠰᠢ ᠴᠤ ᠭᠠᠷ ᠢᠶᠠᠨ ᠪᠦᠦ ᠠᠮᠠᠷᠠᠭ᠎ᠠ᠂ ᠠᠯᠢ ᠨᠢ ᠠᠰᠢᠭ ᠲᠠᠢ᠂ ᠡᠰᠡᠪᠡᠯ ᠬᠣᠶᠠᠭᠤᠯᠠ ᠪᠠᠨ ᠠᠮᠵᠢᠯᠲᠠ ᠲᠠᠢ ᠪᠣᠯᠬᠤ ᠡᠰᠡᠬᠦ ᠶᠢ ᠴᠢ ᠦᠯᠦ ᠮᠡᠳᠡᠨ᠎ᠡ᠃ 7 ᠭᠡᠷᠡᠯ ᠨᠢ ᠲᠠᠭᠠᠯᠠᠮᠵᠢᠲᠠᠢ᠂ ᠨᠠᠷᠠ ᠶᠢ ᠨᠢᠳᠦ ᠪᠡᠷ ᠢᠶᠠᠨ ᠬᠠᠷᠠᠬᠤ ᠨᠢ ᠰᠠᠢᠨ᠃ 8 ᠬᠥᠮᠦᠨ ᠬᠡᠴᠢᠨᠡᠨ ᠵᠢᠯ ᠠᠮᠢᠳᠤᠷᠠᠬᠤ ᠪᠠᠢᠭᠰᠠᠨ ᠴᠤ ᠪᠦᠬᠦᠢᠯᠡ ᠬᠤᠭᠤᠴᠠᠭᠠᠨ ᠳᠠᠭᠠᠨ ᠪᠠᠶᠠᠷ ᠲᠠᠢ ᠪᠠᠢᠭ᠃ ᠪᠠᠷᠠᠭᠠᠨ ᠡᠳᠦᠷ ᠤᠳ ᠣᠯᠠᠨ ᠪᠠᠢᠬᠤ ᠶᠢ ᠪᠠᠰᠠ ᠪᠦᠦ ᠤᠮᠠᠷᠲᠠᠭ᠃ ᠢᠷᠡᠵᠦ ᠪᠤᠢ ᠪᠦᠬᠦᠨ ᠨᠢ ᠬᠣᠭᠣᠰᠣᠨ᠃
ᠵᠠᠯᠠᠭᠤ ᠨᠠᠰᠤᠨ ᠳᠠᠭᠠᠨ ᠪᠠᠶᠠᠷᠯᠠ
9 ᠵᠠᠯᠠᠭᠤ ᠮᠢᠨᠢ᠂ ᠢᠳᠡᠷ ᠨᠠᠰᠤᠨ ᠳᠠᠭᠠᠨ ᠪᠠᠶᠠᠷᠯᠠ᠃ ᠵᠠᠯᠠᠭᠤ ᠨᠠᠰᠤᠨ ᠤ ᠴᠢᠨᠢ ᠡᠳᠦᠷ ᠤᠳ ᠢᠶᠠᠷ ᠵᠢᠷᠦᠬᠡ ᠲᠠᠨᠢ ᠪᠠᠶᠠᠰᠤᠭ᠃ ᠵᠢᠷᠦᠬᠡᠨ ᠦ ᠪᠠᠨ ᠬᠠᠨᠳᠤᠯᠭ᠎ᠠ᠂ ᠨᠢᠳᠦᠨ ᠦ ᠪᠠᠨ ᠬᠠᠷᠠᠴᠠ ᠶᠢ ᠳᠠᠭ᠎ᠠ᠃ ᠭᠡᠬᠦ ᠳᠡᠭᠡᠨ ᠡᠨᠡ ᠪᠦᠭᠦᠳᠡ ᠶᠢᠨ ᠲᠠᠯ᠎ᠠ ᠪᠠᠷ ᠪᠤᠷᠬᠠᠨ ᠴᠢᠮ᠎ᠠ ᠶᠢ ᠰᠢᠭᠦᠯᠲᠡ ᠳᠦ ᠠᠪᠴᠢᠷᠠᠨ᠎ᠠ ᠭᠡᠳᠡᠭ ᠢ ᠮᠡᠳᠡᠲᠦᠭᠡᠢ᠃
10 ᠵᠠᠯᠠᠭᠤ ᠬᠠᠯᠠᠭᠤᠨ ᠨᠠᠰᠤ ᠭᠡᠳᠡᠭ ᠴᠢᠨᠢ ᠬᠣᠭᠣᠰᠣᠨ᠂ ᠴᠢ ᠵᠢᠷᠦᠬᠡᠨ ᠡᠴᠡ ᠪᠡᠨ ᠠᠭᠤᠷ 4 ᠢ ᠲᠡᠪᠴᠢᠵᠦ᠂ ᠪᠡᠶ᠎ᠡ ᠡᠴᠡ ᠪᠡᠨ ᠬᠣᠷᠣᠨ ᠮᠠᠭᠤ ᠶᠢ ᠵᠠᠢᠯᠠᠭᠤᠯ᠃