1 2 3 4 5 6 7 8 9 10 11 12


ᠨᠣᠮᠯᠠᠭᠴᠢ ᠶᠢᠨ ᠦᠭᠡᠰ ᠳᠥᠷᠪᠡ
 ᠳᠠᠷᠤᠯᠠᠯ᠂ ᠵᠦᠳᠡᠷᠡᠯ᠂ ᠭᠠᠭᠴᠠᠭᠠᠷᠳᠠᠯ

1 ᠳᠠᠷᠠᠭ᠎ᠠ ᠨᠢ ᠪᠢ ᠨᠠᠷᠠᠨ ᠤ ᠳᠣᠣᠷ᠎ᠠ ᠪᠣᠯᠵᠤ ᠪᠤᠢ ᠶᠠᠩᠵᠤ ᠪᠦᠷᠢ ᠶᠢᠨ ᠳᠠᠷᠤᠯᠠᠯ ᠢ ᠬᠠᠷᠠᠯ᠎ᠠ᠃ ᠳᠠᠷᠤᠯᠠᠭᠳᠠᠭᠰᠠᠳ ᠤᠨ ᠨᠢᠯᠪᠤᠰᠤ ᠶᠢ ᠬᠠᠷᠠ᠂ ᠲᠡᠳᠡᠨ ᠢ ᠲᠠᠢᠳᠬᠤᠷᠠᠭᠤᠯᠬᠤ ᠬᠥᠮᠦᠨ ᠠᠯᠠᠭ᠎ᠠ᠃ ᠥᠪᠡᠷᠰᠡᠳ ᠢ ᠨᠢ ᠳᠠᠷᠤᠯᠠᠭᠴᠢ ᠶᠢᠨ ᠭᠠᠷ ᠲᠤ ᠡᠷᠬᠡ ᠮᠡᠳᠡᠯ ᠪᠠᠢᠭ᠎ᠠ ᠪᠣᠯ᠂ ᠥᠪᠡᠷᠰᠡᠳ ᠢ ᠨᠢ ᠲᠠᠢᠳᠬᠤᠷᠠᠭᠤᠯᠬᠤ ᠬᠥᠮᠦᠨ ᠠᠯᠠᠭ᠎ᠠ᠃ 2 ᠲᠡᠢᠮᠦ ᠡᠴᠡ ᠪᠢ ᠣᠳᠣ ᠠᠮᠢᠳᠤ ᠠᠮᠢᠳᠤᠷᠠᠭᠰᠠᠳ ᠠᠴᠠ ᠬᠡᠳᠦᠢᠨᠡᠢ ᠦᠬᠦᠭᠰᠡᠨ ᠦᠬᠦᠭᠰᠡᠳ ᠨᠢ ᠳᠡᠭᠡᠷ᠎ᠡ ᠭᠡᠵᠦ ᠦᠵᠡᠪᠡ᠃ 3 ᠲᠡᠷᠡ ᠬᠣᠶᠠᠷ ᠠᠴᠠ ᠨᠠᠷᠠᠨ ᠤ ᠳᠣᠣᠷ᠎ᠠ ᠬᠢᠭᠳᠡᠳᠡᠭ ᠮᠠᠭᠤ ᠦᠢᠯᠡ ᠶᠢ ᠬᠠᠷᠠᠭ᠎ᠠ ᠦᠭᠡᠢ᠂ ᠬᠠᠷᠠᠬᠠᠨ ᠪᠤᠢ ᠪᠣᠯᠣᠭ᠎ᠠ ᠦᠭᠡᠢ ᠨᠢᠭᠡᠨ ᠨᠢ ᠢᠯᠡᠭᠦᠦ ᠳᠡᠭᠡᠷ᠎ᠡ ᠭᠡᠵᠦ ᠦᠵᠡᠪᠡ᠃

4 ᠪᠢ ᠪᠠᠰᠠ ᠠᠯᠢᠪᠠ ᠵᠢᠳᠬᠦᠯ ᠪᠠ ᠠᠯᠢᠪᠠ ᠣᠯᠣᠯᠲᠠ ᠶᠢ ᠦᠵᠡᠬᠦ ᠳᠦ᠂ ᠲᠡᠷᠡ ᠨᠢ ᠴᠤ ᠬᠥᠮᠦᠨ ᠬᠥᠷᠰᠢ ᠳᠡᠭᠡᠨ ᠠᠲᠠᠭᠠᠷᠬᠠᠭᠰᠠᠨ ᠠᠴᠠ ᠪᠣᠯᠣᠭᠰᠠᠨ ᠠᠵᠢ᠃ ᠡᠨᠡ ᠨᠢ ᠮᠥᠨ ᠯᠠ ᠬᠣᠭᠣᠰᠣᠨ᠂ ᠰᠠᠯᠬᠢᠨ ᠢ ᠬᠥᠭᠡᠭᠡᠴᠡᠯᠳᠦᠬᠦ ᠬᠡᠷᠡᠭ᠃
5 ᠭᠠᠷ ᠢᠶᠠᠨ ᠬᠤᠮᠢᠨ ᠪᠡᠶ᠎ᠡ ᠪᠡᠨ ᠥᠯᠥᠰᠭᠡᠭᠴᠢ ᠨᠢ ᠮᠤᠩ᠋ᠬᠠᠭ᠂
6 ᠬᠣᠶᠠᠷ ᠠᠳᠬᠤ ᠳᠦᠭᠦᠷᠡᠩ ᠪᠠᠢᠵᠤ ᠵᠦᠳᠡᠷᠡᠨ ᠰᠠᠯᠬᠢᠨ ᠢ ᠬᠥᠭᠡᠭᠡᠴᠡᠯᠳᠦᠭᠰᠡᠨ ᠡᠴᠡ ᠨᠢᠭᠡ ᠠᠳᠬᠤ ᠳᠦᠭᠦᠷᠡᠩ ᠠᠮᠤᠷ ᠪᠠᠢᠭᠰᠠᠨ ᠨᠢ ᠳᠡᠭᠡᠷ᠎ᠡ᠃

7 ᠳᠠᠷᠠᠭ᠎ᠠ ᠨᠢ ᠪᠢ ᠨᠠᠷᠠᠨ ᠤ ᠳᠣᠣᠷᠠᠬᠢ ᠪᠠᠰᠠ ᠨᠢᠭᠡᠨ ᠬᠣᠭᠣᠰᠣᠨ ᠢ ᠦᠵᠡᠪᠡ᠃ 8 ᠭᠤᠨᠢ ᠭᠠᠭᠴᠠ ᠨᠢᠭᠡ ᠬᠥᠮᠦᠨ ᠪᠠᠢᠪᠠ᠂ ᠲᠡᠭᠦᠨ ᠳᠦ ᠬᠡᠦᠬᠡᠳ ᠦᠭᠡᠢ᠂ ᠠᠬ᠎ᠠ ᠳᠡᠭᠦᠦᠰ ᠴᠤ ᠦᠭᠡᠢ ᠪᠠᠢᠯ᠎ᠠ᠃ ᠲᠡᠭᠦᠨ ᠦ ᠵᠢᠳᠬᠦᠯ ᠲᠡᠭᠦᠰᠬᠡᠯ ᠦᠭᠡᠢ᠂ ᠨᠢᠳᠦ ᠨᠢ ᠡᠳ᠋ ᠪᠠᠶᠠᠯᠢᠭ ᠲᠠᠭᠠᠨ ᠬᠠᠨᠤᠬᠤ ᠦᠭᠡᠢ᠂ ᠲᠡᠷᠡ 《ᠪᠢ ᠬᠡᠨ ᠦ ᠲᠥᠯᠥᠭᠡ ᠠᠮᠢᠳᠤᠷᠠᠯ ᠤᠨ ᠢᠶᠠᠨ ᠰᠠᠢᠨ ᠰᠠᠢᠬᠠᠨ ᠢ ᠵᠣᠷᠢᠭᠤᠯᠵᠤ ᠵᠢᠳᠬᠦᠵᠦ ᠪᠠᠢᠨ᠎ᠠ ᠪᠤᠢ︖》 ᠭᠡᠵᠦ ᠠᠰᠠᠭᠤᠬᠤ ᠴᠤ ᠦᠭᠡᠢ ᠪᠠᠢᠪᠠ᠃ ᠡᠨᠡ ᠨᠢ ᠮᠥᠨ ᠯᠠ ᠬᠣᠭᠣᠰᠣᠨ᠂ ᠥᠷᠥᠪᠳᠥᠯᠲᠡᠢ ᠬᠡᠷᠡᠭ ᠶᠤᠮ᠃

9 ᠭᠠᠭᠴᠠᠭᠠᠷ ᠢᠶᠠᠨ ᠪᠠᠢᠭᠰᠠᠨ ᠠᠴᠠ ᠬᠣᠶᠠᠭᠤᠯᠠ ᠪᠠᠢᠬᠤ ᠨᠢ ᠳᠡᠭᠡᠷ᠎ᠡ᠂ ᠲᠡᠭᠡᠪᠡᠯ ᠲᠡᠳᠡᠨ ᠦ ᠵᠢᠳᠬᠦᠯ ᠢᠯᠡᠭᠦᠦ ᠦᠷ᠎ᠡ ᠳ᠋ᠦᠩ ᠲᠡᠢ᠃ 10 ᠤᠨᠠᠬᠤ ᠳᠤ ᠨᠢᠭᠡ ᠨᠢ ᠨᠥᠭᠥᠭᠡ ᠪᠡᠨ ᠪᠣᠰᠬᠠᠨ᠎ᠠ᠃ ᠤᠨᠠᠬᠤ ᠶᠢᠨ ᠴᠠᠭ ᠲᠤᠨᠢ ᠪᠣᠰᠬᠠᠬᠤ ᠬᠠᠨᠢ ᠦᠭᠡᠢ ᠨᠢ ᠬᠥᠭᠡᠷᠦᠬᠦᠢᠯᠡᠯᠲᠡᠢ᠃ 11 ᠬᠣᠶᠠᠭᠤᠯᠠ ᠬᠠᠮᠲᠤ ᠬᠡᠪᠲᠡᠪᠡᠯ ᠳᠤᠯᠠᠭᠠᠴᠠᠨ᠎ᠠ᠂ ᠬᠠᠷᠢᠨ ᠭᠠᠭᠴᠠᠭᠠᠷ ᠢᠶᠠᠨ ᠬᠡᠷᠬᠢᠨ ᠳᠤᠯᠠᠭᠠᠴᠠᠬᠤ ᠪᠢᠯᠡ︖ 12 ᠭᠠᠭᠴᠠ ᠬᠥᠮᠦᠨ ᠦ ᠳᠡᠢᠯᠦᠰᠢ ᠦᠭᠡᠢ ᠨᠢᠭᠡᠨ ᠢ ᠬᠣᠶᠠᠭᠤᠯᠠ ᠳᠡᠢᠯᠦᠨ᠎ᠡ᠃ ᠭᠤᠷᠮᠤᠰᠤᠨ ᠰᠣᠷ ᠠᠮᠠᠷᠬᠠᠨ ᠲᠠᠰᠤᠷᠠᠳᠠᠭ ᠦᠭᠡᠢ᠃
 ᠨᠡᠷ᠎ᠡ ᠬᠦᠨᠳᠦ ᠨᠢ ᠬᠣᠭᠣᠰᠣᠨ

13 ᠵᠥᠪᠯᠡᠯᠭᠡ ᠠᠪᠬᠤ ᠪᠠᠨ ᠪᠣᠯᠢᠭᠰᠠᠨ ᠡᠪᠦᠭᠡᠨ ᠲᠡᠨᠡᠭ ᠬᠠᠭᠠᠨ ᠠᠴᠠ ᠤᠬᠠᠭᠠᠨ ᠲᠠᠢ ᠶᠠᠳᠠᠭᠤ ᠵᠠᠯᠠᠭᠤ ᠨᠢ ᠳᠡᠭᠡᠷ᠎ᠡ᠃ 14 ᠲᠡᠷᠡ ᠬᠠᠭᠠᠨᠲᠤ ᠤᠯᠤᠰ ᠲᠤ ᠶᠠᠳᠠᠭᠤ ᠲᠥᠷᠥᠭᠰᠡᠨ ᠪᠣᠯᠪᠠᠴᠤ ᠱᠣᠷᠣᠩ ᠠᠴᠠ ᠭᠠᠷᠤᠭᠠᠳ ᠬᠠᠭᠠᠨ ᠪᠣᠯᠣᠭᠰᠠᠨ᠃ 15 ᠪᠢ ᠬᠠᠷᠠᠬᠤ ᠳᠤ ᠨᠠᠷᠠᠨ ᠤ ᠳᠣᠣᠷᠠᠬᠢ ᠠᠮᠢᠳᠤ ᠶᠠᠪᠤᠭᠰᠠᠳ ᠪᠦᠭᠦᠳᠡ ᠪᠥᠭᠡᠮᠨᠡᠷᠡᠨ ᠨᠥᠭᠥᠭᠡ ᠬᠠᠭᠠᠨ ᠢ ᠵᠠᠯᠭᠠᠮᠵᠢᠯᠠᠬᠤ ᠲᠡᠷᠡ ᠵᠠᠯᠠᠭᠤ ᠶᠢ ᠳᠠᠭᠠᠵᠤ ᠪᠠᠢᠯ᠎ᠠ᠃ 16 ᠲᠡᠷᠡ ᠠᠷᠠᠳ ᠢᠷᠭᠡᠳ᠂ ᠲᠡᠭᠦᠨ ᠢ ᠳᠠᠭᠠᠭᠰᠠᠨ ᠪᠦᠬᠦᠨ ᠲᠣᠭᠠᠯᠠᠰᠢ ᠦᠭᠡᠢ ᠪᠠᠢᠪᠠᠴᠤ᠂ ᠲᠡᠭᠦᠨ ᠦ ᠳᠠᠷᠠᠭ᠎ᠠ ᠬᠣᠵᠢᠮ ᠢᠷᠡᠬᠦ ᠬᠥᠮᠦᠰ ᠲᠡᠭᠦᠨ ᠢ ᠲᠠᠭᠠᠰᠢᠶᠠᠬᠤ ᠦᠭᠡᠢ᠃ ᠡᠨᠡ ᠨᠢ ᠮᠥᠨ ᠯᠠ ᠬᠣᠭᠣᠰᠣᠨ᠂ ᠰᠠᠯᠬᠢᠨ ᠢ ᠬᠥᠭᠡᠭᠡᠴᠡᠯᠳᠦᠬᠦ ᠬᠡᠷᠡᠭ᠃