1 2 3 4 5 6 7 8 9 10 11 12


ᠨᠣᠮᠯᠠᠭᠴᠢ ᠶᠢᠨ ᠦᠭᠡᠰ ᠶᠢᠰᠦ
 ᠨᠠᠷᠠᠨ ᠤ ᠳᠣᠣᠷᠠᠬᠢ ᠠᠮᠢᠳᠤᠷᠠᠯ ᠤᠨ ᠬᠤᠪᠢ ᠨᠣᠭᠳᠠᠯ

1 ᠪᠢ ᠡᠨᠡ ᠪᠦᠬᠦᠨ ᠢ ᠰᠡᠳᠬᠢᠯ ᠳᠡᠭᠡᠨ ᠲᠤᠩ᠋ᠭᠠᠵᠤ ᠦᠵᠡᠭᠡᠳ ᠵᠥᠪᠲᠡᠨ᠂ ᠮᠡᠷᠭᠡᠨ ᠬᠥᠮᠦᠨ ᠬᠢᠭᠡᠳ ᠲᠡᠳᠡᠨ ᠦ ᠦᠢᠯᠡᠰ ᠴᠤ ᠪᠤᠷᠬᠠᠨ ᠤ ᠮᠤᠲᠤᠷ ᠳᠣᠣᠷ᠎ᠠ ᠪᠠᠢᠭ᠎ᠠ ᠶᠤᠮ ᠪᠠᠢᠨ᠎ᠠ ᠭᠡᠵᠦ ᠳᠦᠩᠨᠡᠪᠡ᠃ ᠬᠠᠷᠢᠨ ᠬᠠᠢᠷ᠎ᠠ᠂ ᠵᠢᠭ᠍ᠰᠢᠯ ᠬᠣᠶᠠᠷ ᠤᠨ ᠠᠯᠢ ᠨᠢ ᠬᠦᠯᠢᠶᠡᠵᠦ ᠪᠠᠢᠬᠤ ᠶᠢ ᠬᠥᠮᠦᠨ ᠮᠡᠳᠡᠬᠦ ᠠᠷᠭ᠎ᠠ ᠦᠭᠡᠢ᠃ 2 ᠪᠦᠬᠦ ᠬᠥᠮᠦᠨ ᠨᠢᠭᠡ ᠯᠠ ᠬᠤᠪᠢ ᠵᠠᠶᠠᠭ᠎ᠠ ᠲᠠᠢ᠂ ᠵᠥᠪᠲᠡᠨ ᠪᠠ ᠪᠤᠷᠤᠭᠤᠲᠠᠨ᠂ ᠰᠠᠢᠨ ᠪᠠ ᠮᠠᠭᠤ ᠬᠥᠮᠦᠨ᠂ ᠴᠡᠪᠡᠷ ᠪᠠ ᠴᠡᠪᠡᠷ ᠪᠤᠰᠤ ᠬᠥᠮᠦᠨ᠂ ᠲᠠᠬᠢᠯ ᠡᠷᠭᠦᠳᠡᠭ ᠪᠠ ᠦᠯᠦ ᠡᠷᠭᠦᠳᠡᠭ ᠬᠥᠮᠦᠨ ᠢᠯᠭᠠᠭ᠎ᠠ ᠦᠭᠡᠢ᠂ ᠰᠠᠢᠨ ᠬᠥᠮᠦᠨ ᠪᠠ ᠨᠢᠭᠦᠯᠲᠡᠨ᠂ ᠲᠠᠩ᠋ᠭᠠᠷᠢᠭ ᠡᠷᠭᠦᠭᠴᠢ ᠪᠠ ᠲᠠᠩ᠋ᠭᠠᠷᠢᠭᠯᠠᠬᠤ ᠠᠴᠠ ᠡᠮᠢᠶᠡᠭᠴᠢ ᠴᠤ ᠥᠭᠡᠷ᠎ᠡ ᠦᠭᠡᠢ᠃ 3 ᠪᠦᠬᠦ ᠬᠥᠮᠦᠨ ᠨᠢᠭᠡ ᠬᠤᠪᠢ ᠵᠠᠶᠠᠭ᠎ᠠ ᠲᠠᠢ ᠪᠠᠢᠬᠤ ᠨᠢ ᠨᠠᠷᠠᠨ ᠤ ᠳᠣᠣᠷ᠎ᠠ ᠪᠣᠯᠵᠤ ᠪᠠᠢᠭ᠎ᠠ ᠪᠦᠬᠦᠨ ᠦ ᠳᠣᠲᠣᠷᠠᠬᠢ ᠪᠠᠰᠠ ᠨᠢᠭᠡᠨ ᠮᠠᠭᠤ ᠶᠤᠮ᠃ ᠬᠥᠮᠦᠨ ᠦ ᠰᠡᠳᠬᠢᠯ ᠬᠣᠷᠣᠨ ᠮᠠᠭᠤ ᠪᠠᠷ ᠳᠦᠭᠦᠷᠴᠦ᠂ ᠠᠮᠢᠳᠤᠷᠠᠯ ᠤᠨ ᠬᠢᠨᠢ ᠲᠤᠷᠰᠢᠳᠠ ᠵᠢᠷᠦᠬᠡᠨ ᠳᠦᠨᠢ ᠰᠣᠯᠢᠶᠠᠷᠠᠯ ᠪᠠᠢᠬᠤ ᠠᠵᠢ᠃ ᠳᠠᠷᠠᠭ᠎ᠠ ᠨᠢ ᠦᠬᠦᠭᠰᠡᠳ ᠤᠷᠤᠭᠤ ᠣᠴᠢᠨ᠎ᠠ᠃ 4 ᠭᠡᠪᠡᠴᠦ ᠬᠥᠮᠦᠨ ᠠᠮᠢᠳᠤ ᠪᠠᠢᠭᠰᠠᠳ ᠤᠨ ᠳᠤᠮᠳᠠ ᠪᠠᠢᠬᠤ ᠳᠠᠭᠠᠨ ᠨᠠᠢᠳᠠᠪᠤᠷᠢ ᠲᠠᠢ᠂ ᠠᠮᠢᠳᠤ ᠨᠣᠬᠠᠢ ᠨᠢ ᠦᠬᠦᠭᠰᠡᠨ ᠠᠷᠰᠯᠠᠨ ᠠᠴᠠ ᠳᠡᠭᠡᠷ᠎ᠡ᠃ 5 ᠠᠮᠢᠳᠤ ᠪᠠᠢᠭᠰᠠᠳ ᠦᠬᠦᠨ᠎ᠡ ᠭᠡᠳᠡᠭ ᠢᠶᠡᠨ ᠮᠡᠳᠡᠳᠡᠭ ᠪᠣᠯ᠂ ᠦᠬᠦᠭᠰᠡᠳ ᠶᠠᠭᠤ ᠴᠤ ᠮᠡᠳᠡᠳᠡᠭ ᠦᠭᠡᠢ᠃ ᠲᠡᠳᠡ ᠱᠠᠩᠨᠠᠯ ᠴᠤ ᠦᠭᠡᠢ᠂ ᠳᠤᠷᠠᠰᠤᠮᠵᠢ ᠴᠤ ᠦᠭᠡᠢ ᠮᠠᠷᠲᠠᠭᠳᠠᠳᠠᠭ᠃ 6 ᠲᠡᠳᠡᠨ ᠦ ᠬᠠᠢᠷ᠎ᠠ ᠴᠤ᠂ ᠵᠢᠭ᠍ᠰᠢᠯ ᠴᠤ᠂ ᠠᠲᠠᠭᠠᠷᠬᠠᠯ ᠴᠤ ᠬᠡᠳᠦᠢᠨᠡᠢ ᠰᠥᠨᠥᠪᠡ᠂ ᠲᠡᠳᠡ ᠨᠠᠷᠠᠨ ᠤ ᠳᠣᠣᠷ᠎ᠠ ᠬᠢᠭᠳᠡᠳᠡᠭ ᠶᠠᠮᠠᠷ ᠴᠤ ᠶᠠᠪᠤᠳᠠᠯ ᠳᠤ ᠳᠠᠬᠢᠭᠠᠳ ᠣᠷᠣᠯᠴᠠᠬᠤ ᠦᠭᠡᠢ᠃

7 ᠵᠠ᠂ ᠴᠢ ᠪᠠᠶᠠᠷ ᠲᠠᠢ ᠪᠠᠷ ᠬᠣᠭᠣᠯᠠ ᠪᠠᠨ ᠢᠳᠡᠵᠦ᠂ ᠵᠢᠷᠭᠠᠯ ᠲᠠᠢ ᠪᠠᠷ ᠳᠠᠷᠠᠰᠤ ᠪᠠᠨ ᠤᠤᠭᠤ᠂ ᠪᠤᠷᠬᠠᠨ ᠴᠢᠨᠦ ᠦᠢᠯᠡᠰ ᠢ ᠬᠡᠳᠦᠢᠨᠡᠢ ᠵᠥᠪᠰᠢᠶᠡᠷᠡᠭᠰᠡᠨ᠃ 8 ᠬᠤᠪᠴᠠᠰᠤ ᠴᠢᠨᠢ ᠢᠮᠠᠭᠲᠠ ᠴᠠᠭᠠᠨ᠂ ᠲᠣᠯᠣᠭᠠᠢ ᠳᠡᠭᠡᠷ᠎ᠡ ᠴᠢᠨᠢ ᠲᠣᠰᠣ ᠦᠷᠭᠦᠯᠵᠢ ᠪᠠᠢᠭ᠃ 9 ᠬᠣᠭᠣᠰᠣᠨ ᠠᠮᠢᠳᠤᠷᠠᠯ ᠤᠨ ᠢᠶᠠᠨ ᠪᠦᠬᠦᠢᠯᠡ ᠡᠳᠦᠷ ᠤᠳ ᠢᠶᠠᠷ᠂ ᠨᠠᠷᠠᠨ ᠤ ᠳᠣᠣᠷ᠎ᠠ ᠲᠡᠭᠦᠨ ᠦ ᠴᠢᠮ᠎ᠠ ᠳᠤ ᠰᠣᠶᠣᠷᠬᠠᠭᠰᠠᠨ ᠤᠳᠬ᠎ᠠ ᠦᠭᠡᠢ ᠪᠦᠬᠦᠢᠯᠡ ᠡᠳᠦᠷ ᠤᠳ ᠢᠶᠠᠷ ᠬᠠᠢᠷᠠᠲᠤ ᠪᠦᠰᠡᠭᠦᠢ ᠲᠡᠢ ᠪᠠᠨ ᠬᠠᠮᠲᠤ ᠵᠢᠷᠭᠠᠯ ᠲᠠᠢ ᠪᠠᠷ ᠠᠮᠢᠳᠤᠷᠠᠭᠲᠤᠨ᠃ ᠴᠢᠨᠦ ᠨᠠᠰᠤᠨ ᠲᠤᠷᠰᠢᠳᠠ ᠪᠠᠨ ᠨᠠᠷᠠᠨ ᠤ ᠳᠣᠣᠷ᠎ᠠ ᠬᠥᠳᠡᠯᠮᠦᠷᠢᠯᠡᠭᠰᠡᠨ ᠬᠥᠳᠡᠯᠮᠦᠷᠢ ᠶᠢᠨ ᠴᠢᠨᠢ ᠬᠤᠪᠢ ᠨᠣᠭᠳᠠᠯ ᠡᠨᠡ ᠶᠤᠮ᠃ 10 ᠭᠠᠷ ᠲᠤ ᠴᠢᠨᠢ ᠣᠯᠳᠠᠭᠰᠠᠨ ᠶᠠᠭᠤ ᠶᠢ ᠴᠤ ᠪᠦᠬᠦᠢᠯᠡ ᠴᠢᠳᠠᠯ ᠢᠶᠠᠷ ᠢᠶᠠᠨ ᠬᠢᠭᠲᠦᠨ᠃ ᠴᠢᠨᠦ ᠣᠴᠢᠬᠤ ᠪᠤᠯᠠᠰᠢᠨ ᠳᠤ ᠠᠵᠢᠯ ᠲᠥᠰᠥᠯ᠂ ᠮᠡᠳᠡᠯᠭᠡ᠂ ᠮᠡᠷᠭᠡᠨ ᠤᠬᠠᠭᠠᠨ ᠠᠯᠠᠭ᠎ᠠ ᠶᠤᠮ᠃
 ᠮᠡᠷᠭᠡᠨ ᠤᠬᠠᠭᠠᠨ ᠬᠦᠴᠦᠲᠡᠢ

11 ᠨᠠᠷᠠᠨ ᠤ ᠳᠣᠣᠷ᠎ᠠ ᠪᠢ ᠳᠠᠬᠢᠭᠠᠳ ᠦᠵᠡᠪᠡ᠃ ᠬᠤᠷᠳᠤᠨ ᠪᠠᠢᠭᠰᠠᠨ ᠢᠶᠠᠷ ᠣᠷᠣᠯᠳᠤᠭᠠᠨ ᠳᠤ᠂ ᠬᠦᠴᠦᠲᠡᠨ ᠪᠠᠢᠭᠰᠠᠨ ᠢᠶᠠᠷ ᠪᠠᠢᠯᠳᠤᠭᠠᠨ ᠳᠤ ᠢᠯᠠᠳᠠᠭ ᠪᠢᠰᠢ᠂ ᠮᠡᠷᠭᠡᠨ ᠪᠠᠢᠭᠰᠠᠨ ᠢᠶᠠᠷ ᠬᠦᠨᠡᠰᠦ ᠶᠢ᠂ ᠤᠬᠠᠭᠠᠨᠲᠠᠨ ᠪᠠᠢᠭᠰᠠᠨ ᠢᠶᠠᠷ ᠪᠠᠶᠠᠯᠢᠭ ᠢ᠂ ᠮᠡᠳᠡᠯᠭᠡ ᠲᠠᠢ ᠪᠠᠢᠭᠰᠠᠨ ᠢᠶᠠᠷ ᠲᠠᠭᠠᠯᠠᠯ ᠢ ᠤᠯᠳᠠᠭ ᠪᠢᠰᠢ᠂ ᠡᠨᠡ ᠪᠦᠭᠦᠳᠡ ᠨᠢ ᠴᠠᠭ ᠬᠢᠭᠡᠳ ᠨᠥᠬᠥᠴᠡᠯ ᠯᠦᠭᠡ ᠬᠠᠮᠢᠶ᠎ᠠ ᠲᠠᠢ ᠠᠵᠢ᠃ 12 ᠬᠥᠮᠦᠨ ᠥᠪᠡᠷ ᠦᠨ ᠢᠶᠠᠨ ᠴᠠᠭ ᠢ ᠴᠤ ᠦᠯᠦ ᠮᠡᠳᠡᠨ᠎ᠡ᠂ ᠵᠢᠭᠠᠰᠤ ᠠᠶᠤᠯᠳᠤ ᠲᠣᠣᠷ ᠲᠤ᠂ ᠰᠢᠪᠠᠭᠤ ᠤᠷᠠᠬᠠᠨ ᠳᠤ ᠪᠠᠷᠢᠭᠳᠠᠳᠠᠭ ᠤᠨ ᠠᠳᠠᠯᠢ ᠬᠥᠮᠦᠨ ᠦ ᠬᠥᠪᠡᠭᠦᠳ ᠭᠡᠨᠡᠳᠲᠡ ᠢᠷᠡᠬᠦ ᠠᠶᠤᠯᠳᠦ ᠴᠠᠭ ᠲᠤ ᠤᠷᠠᠬᠠᠳᠠᠭᠤᠯᠤᠨ᠎ᠠ᠃

13 ᠨᠠᠷᠠᠨ ᠤ ᠳᠣᠣᠷ᠎ᠠ ᠪᠢ ᠮᠡᠷᠭᠡᠨ ᠤᠬᠠᠭᠠᠨ ᠤ ᠡᠢᠮᠦ ᠨᠢᠭᠡ ᠲᠠᠯ᠎ᠠ ᠶᠢ ᠴᠤ ᠦᠵᠡᠭᠡᠳ ᠡᠷᠬᠢᠮ ᠭᠡᠵᠦ ᠪᠣᠳᠣᠪᠠ᠃ 14 ᠴᠥᠭᠡᠪᠲᠦᠷ ᠬᠥᠮᠦᠨ ᠲᠡᠢ ᠨᠢᠭᠡᠨ ᠵᠢᠵᠢᠭ ᠬᠣᠲᠠ ᠪᠠᠢᠵᠠᠢ᠃ ᠨᠢᠭᠡᠨ ᠬᠦᠴᠦᠷᠬᠡᠭ ᠬᠠᠭᠠᠨ ᠳᠣᠪᠲᠣᠯᠵᠤ᠂ ᠲᠡᠭᠦᠨ ᠢ ᠪᠦᠰᠡᠯᠡᠭᠡᠳ ᠲᠣᠮᠣ ᠳᠠᠯᠠᠩ ᠪᠣᠰᠬᠠᠵᠠᠢ᠃ 15 ᠲᠡᠷᠡ ᠬᠣᠲᠠ ᠳᠤ ᠨᠢᠭᠡᠨ ᠮᠡᠷᠭᠡᠨ ᠶᠠᠳᠠᠭᠤ ᠬᠥᠮᠦᠨ ᠪᠠᠢᠭᠰᠠᠨ ᠪᠥᠭᠡᠳ ᠮᠡᠷᠭᠡᠨ ᠤᠬᠠᠭᠠᠨ ᠢᠶᠠᠷ ᠢᠶᠠᠨ ᠬᠣᠲᠠ ᠶᠢ ᠠᠪᠤᠷᠠᠭᠰᠠᠨ ᠪᠠᠢᠪᠠ᠂ ᠬᠠᠷᠢᠨ ᠲᠡᠷᠡ ᠶᠠᠳᠠᠭᠤ ᠶᠢ ᠬᠡᠨ ᠴᠤ ᠳᠤᠷᠠᠰᠤᠭᠰᠠᠨ ᠦᠭᠡᠢ᠃ 16 ᠨᠥᠭᠥᠭᠡ ᠶᠠᠳᠠᠭᠤ ᠶᠢᠨ ᠮᠡᠷᠭᠡᠨ ᠤᠬᠠᠭᠠᠨ ᠪᠠᠰᠤᠭᠳᠠᠵᠤ᠂ ᠦᠭᠡᠰ ᠨᠢ ᠡᠰᠡ ᠣᠢᠰᠢᠶᠠᠭᠳᠠᠭᠰᠠᠨ ᠪᠣᠯᠪᠠᠴᠤ ᠪᠢ 《ᠮᠡᠷᠭᠡᠨ ᠤᠬᠠᠭᠠᠨ ᠨᠢ ᠬᠦᠴᠦ ᠴᠢᠳᠠᠯ ᠠᠴᠠ ᠳᠡᠭᠡᠷ᠎ᠡ》 ᠭᠡᠵᠦ ᠪᠣᠳᠣᠵᠠᠢ᠃
17 ᠮᠤᠩ᠋ᠬᠠᠭ ᠤᠳ ᠤᠨ ᠵᠠᠬᠢᠷᠤᠭᠴᠢ ᠶᠢᠨ ᠬᠠᠰᠬᠢᠷᠤᠭᠠᠨ ᠠᠴᠠ ᠨᠠᠮᠤᠭᠤᠬᠠᠨ ᠶᠠᠷᠢᠬᠤ ᠮᠡᠷᠭᠡᠨ ᠦ ᠦᠭᠡᠰ᠃
18 ᠮᠡᠷᠭᠡᠨ ᠤᠬᠠᠭᠠᠨ ᠲᠤᠯᠤᠯᠳᠤᠭᠠᠨ ᠤ ᠵᠡᠪᠰᠡᠭ ᠡᠴᠡ ᠳᠡᠭᠡᠷ᠎ᠡ ᠨᠢᠭᠡ ᠨᠢᠭᠦᠯᠲᠡᠨ ᠥᠴᠢᠨᠡᠨ ᠰᠠᠢᠨ ᠢ ᠰᠦᠢᠳᠬᠡᠬᠦ ᠠᠵᠢ᠃