1 2 3 4 5 6 7 8 9 10 11 12


ᠨᠣᠮᠯᠠᠭᠴᠢ ᠶᠢᠨ ᠦᠭᠡᠰ ᠵᠢᠷᠭᠤᠭ᠎ᠠ

1 ᠨᠠᠷᠠᠨ ᠤ ᠳᠣᠣᠷ᠎ᠠ ᠪᠠᠰᠠ ᠨᠢᠭᠡᠨ ᠭᠠᠢ ᠶᠢ ᠪᠢ ᠦᠵᠡᠪᠡ᠂ ᠲᠡᠷᠡ ᠨᠢ ᠬᠥᠮᠦᠨ ᠳᠦ ᠬᠦᠨᠳᠦ ᠪᠠᠢᠨ᠎ᠠ᠃ 2 ᠪᠤᠷᠬᠠᠨ ᠵᠠᠷᠢᠮ ᠬᠥᠮᠦᠨ ᠳᠦ ᠡᠳ᠋ ᠪᠠᠶᠠᠯᠢᠭ᠂ ᠠᠯᠳᠠᠷ ᠢ ᠬᠦᠰᠡᠭᠰᠡᠨ ᠡᠴᠡ ᠨᠢ ᠳᠤᠲᠠᠭᠤ ᠦᠭᠡᠢ ᠪᠠᠷ ᠰᠣᠶᠣᠷᠬᠠᠳᠠᠭ ᠪᠣᠯᠪᠠᠴᠤ ᠲᠡᠳᠡᠭᠡᠷ ᠢ ᠡᠳ᠋ᠯᠡᠬᠦ ᠶᠢ ᠨᠢ ᠵᠥᠪᠰᠢᠶᠡᠷᠡᠳᠡᠭ᠌ ᠦᠭᠡᠢ᠂ ᠭᠠᠳᠠᠨ᠎ᠠ ᠶᠢᠨ ᠬᠥᠮᠦᠨ ᠲᠡᠭᠦᠨ ᠢ ᠨᠢ ᠡᠳ᠋ᠯᠡᠬᠦ ᠠᠵᠢ᠃ ᠡᠨᠡ ᠨᠢ ᠬᠣᠭᠣᠰᠣᠨ᠂ ᠤᠢ ᠭᠠᠰᠢᠭᠤ ᠮᠥᠨ᠃ 3 ᠬᠥᠮᠦᠨ ᠵᠠᠭᠤᠨ ᠬᠡᠦᠬᠡᠳ ᠦᠨ ᠡᠴᠢᠭᠡ ᠪᠣᠯᠵᠤ ᠤᠷᠲᠤ ᠨᠠᠰᠤᠯᠠᠭᠰᠠᠨ ᠴᠤ᠂ ᠦᠯᠡᠳᠡᠭᠰᠡᠨ ᠵᠢᠯ ᠡᠳᠦᠷ ᠨᠢ ᠣᠯᠠᠨ᠂ ᠪᠤᠯᠠᠰᠢᠨ ᠳᠤ ᠣᠷᠣᠬᠤ ᠦᠭᠡᠢ ᠪᠠᠢᠭᠰᠠᠨ ᠴᠤ᠂ ᠰᠡᠳᠬᠢᠯ ᠨᠢ ᠰᠠᠢᠨ ᠰᠠᠢᠬᠠᠨ ᠳᠠᠭᠠᠨ ᠬᠠᠨᠤᠮᠵᠢ ᠦᠭᠡᠢ ᠪᠣᠯ᠂ ᠪᠢ᠄ 《ᠠᠮᠢ ᠦᠭᠡᠢ ᠲᠥᠷᠥᠭᠰᠡᠨ ᠬᠡᠦᠬᠡᠳ ᠲᠡᠭᠦᠨ ᠡᠴᠡ ᠳᠡᠭᠡᠷ᠎ᠡ》 ᠭᠡᠵᠦ ᠬᠡᠯᠡᠨ᠎ᠡ᠃ 4 ᠲᠡᠷᠡ ᠬᠡᠦᠬᠡᠳ ᠬᠣᠭᠣᠰᠣᠨ ᠢᠷᠡᠭᠡᠳ ᠬᠠᠷᠠᠩ᠋ᠭᠤᠢ ᠤᠷᠤᠭᠤ ᠶᠠᠪᠤᠵᠤ᠂ ᠨᠡᠷ᠎ᠡ ᠨᠢ ᠬᠠᠷᠠᠩ᠋ᠭᠤᠢ ᠳᠤ ᠬᠤᠴᠢᠭᠳᠠᠨ 5 ᠨᠠᠷᠠ ᠶᠢ ᠴᠤ ᠦᠵᠡᠭᠡ ᠦᠭᠡᠢ᠂ ᠮᠡᠳᠡᠭᠡ ᠦᠭᠡᠢ ᠪᠣᠯᠪᠠᠴᠤ ᠨᠥᠭᠥᠭᠡ ᠬᠥᠮᠦᠨ ᠡᠴᠡ ᠢᠯᠡᠭᠦᠦ ᠠᠮᠠᠷᠠᠯ ᠢ ᠤᠯᠳᠠᠭ ᠠᠵᠢ᠃ 6 ᠨᠥᠭᠥᠭᠡ ᠬᠥᠮᠦᠨ ᠳᠠᠬᠢᠭᠠᠳ ᠮᠢᠩ᠋ᠭᠠᠨ ᠵᠢᠯ ᠠᠮᠢᠳᠤᠷᠠᠭᠰᠠᠨ ᠴᠤ᠂ ᠰᠠᠢᠨ ᠢ ᠡᠳ᠋ᠯᠡᠬᠦ ᠦᠭᠡᠢ ᠪᠣᠯ ᠳᠡᠮᠡᠢ᠂ ᠲᠡᠳᠡ ᠪᠦᠭᠦᠳᠡ ᠨᠢᠭᠡ ᠯᠠ ᠭᠠᠵᠠᠷ ᠤᠷᠤᠭᠤ ᠶᠠᠪᠤᠬᠤ ᠪᠢᠰᠢ ᠤᠤ︖

7 ᠬᠥᠮᠦᠨ ᠦ ᠪᠦᠬᠦ ᠬᠥᠳᠡᠯᠮᠦᠷᠢ ᠠᠮᠠᠨ ᠤ ᠪᠠᠨ ᠲᠥᠯᠥᠭᠡ ᠪᠠᠢᠳᠠᠭ ᠴᠤ ᠰᠦᠨᠡᠰᠦ ᠨᠢ ᠶᠡᠷᠦ ᠬᠠᠨᠤᠬᠤ ᠦᠭᠡᠢ ᠠᠵᠢ᠃ 8 ᠲᠡᠢᠮᠦ ᠪᠠᠢᠬᠤ ᠳᠤ᠂ ᠮᠡᠷᠭᠡᠨ ᠨᠢ ᠮᠤᠩ᠋ᠬᠠᠭ ᠠᠴᠠ ᠶᠠᠭᠤ ᠪᠠᠷ ᠢᠯᠡᠭᠦᠦ ᠪᠤᠢ︖ ᠠᠮᠢᠳᠤ ᠪᠠᠢᠭᠰᠠᠳ ᠤᠨ ᠡᠮᠦᠨ᠎ᠡ ᠬᠡᠷᠬᠢᠨ ᠶᠠᠪᠤᠬᠤ ᠪᠠᠨ ᠮᠡᠳᠡᠬᠦ ᠶᠠᠳᠠᠭᠤ ᠬᠥᠮᠦᠨ ᠦ ᠠᠰᠢᠭ ᠶᠠᠭᠤ ᠪᠤᠢ︖ 9 ᠨᠢᠳᠦ ᠪᠡᠷ ᠢᠶᠠᠨ ᠬᠠᠷᠠᠵᠤ ᠪᠠᠢᠭ᠎ᠠ ᠴᠢᠨᠢ ᠬᠦᠰᠡᠯ ᠢᠶᠡᠷ ᠢᠶᠠᠨ ᠲᠡᠨᠦᠬᠦ ᠡᠴᠡ ᠴᠢᠨᠢ ᠳᠡᠭᠡᠷ᠎ᠡ᠃ ᠬᠠᠷᠢᠨ ᠡᠨᠡ ᠨᠢ ᠪᠠᠰᠠ ᠬᠣᠭᠣᠰᠣᠨ᠂ ᠰᠠᠯᠬᠢᠨ ᠢ ᠬᠥᠭᠡᠭᠡᠴᠡᠯᠳᠦᠬᠦ ᠬᠡᠷᠡᠭ ᠶᠤᠮ᠃
 ᠬᠥᠮᠦᠨ ᠦ ᠠᠮᠢᠳᠤᠷᠠᠯ ᠤᠨ ᠡᠷᠬᠡ ᠥᠪᠡᠷ ᠲᠤᠨᠢ ᠪᠠᠢᠳᠠᠭ ᠪᠢᠰᠢ

10 ᠣᠷᠣᠰᠢᠨ ᠪᠠᠢᠭ᠎ᠠ ᠶᠠᠭᠤ ᠨᠢ ᠴᠤ ᠬᠡᠳᠦᠢᠨᠡᠢ ᠨᠡᠷᠡᠯᠡᠭᠳᠡᠭᠰᠡᠨ᠂ ᠣᠷᠣᠰᠢᠨ ᠪᠠᠢᠭ᠎ᠠ ᠬᠡᠨ ᠨᠢ ᠴᠤ ᠬᠡᠳᠦᠢᠨᠡᠢ ᠲᠠᠨᠢᠭᠳᠠᠭᠰᠠᠨ᠃ ᠲᠡᠷᠡ ᠥᠪᠡᠷ ᠡᠴᠡ ᠪᠡᠨ ᠬᠦᠴᠦᠲᠡᠢ ᠨᠢᠭᠡᠨ ᠲᠡᠢ ᠮᠠᠷᠭᠤᠵᠤ ᠴᠢᠳᠠᠳᠠᠭ ᠦᠭᠡᠢ᠂ 11 ᠦᠭᠡ ᠣᠯᠠᠨ ᠪᠣᠯ ᠬᠣᠭᠣᠰᠣᠨ ᠨᠢ ᠣᠯᠠᠨ᠃ ᠡᠨᠡ ᠨᠢ ᠬᠥᠮᠦᠨ ᠳᠦ ᠶᠠᠮᠠᠷ ᠲᠤᠰᠠ ᠲᠠᠢ ᠶᠤᠮ ᠪᠤᠢ︖ 12 ᠰᠡᠭᠦᠳᠡᠷ ᠮᠡᠲᠦ ᠥᠩᠭᠡᠷᠡᠭᠦᠯᠬᠦ ᠬᠣᠭᠣᠰᠣᠨ ᠠᠮᠢᠳᠤᠷᠠᠯ ᠤᠨ ᠢᠶᠠᠨ ᠴᠥᠭᠡᠬᠡᠨ ᠡᠳᠦᠷ ᠤᠳ ᠢᠶᠠᠷ ᠬᠥᠮᠦᠨ ᠳᠦ ᠶᠠᠭᠤ ᠨᠢ ᠰᠠᠢᠨ ᠪᠣᠯᠬᠤ ᠶᠢ ᠬᠡᠨ ᠮᠡᠳᠡᠬᠦ ᠪᠢᠯᠡ︖ ᠨᠠᠷᠠᠨ ᠤ ᠳᠣᠣᠷᠠᠬᠢ ᠬᠥᠮᠦᠨ ᠳᠦ ᠥᠪᠡᠷ ᠡᠴᠡ ᠨᠢ ᠬᠣᠢᠰᠢ ᠶᠠᠭᠤ ᠪᠣᠯᠬᠤ ᠶᠢ ᠬᠡᠨ ᠮᠡᠳᠡᠭᠦᠯᠬᠦ ᠪᠢᠯᠡ︖