1 2 3 4 5 6 7 8 9 10 11 12


ᠨᠣᠮᠯᠠᠭᠴᠢ ᠶᠢᠨ ᠦᠭᠡᠰ ᠳᠣᠯᠣᠭ᠎ᠠ
 ᠵᠢᠩᠬᠢᠨᠢ ᠮᠡᠷᠭᠡᠨ ᠤᠬᠠᠭᠠᠨ
1 ᠰᠠᠢᠨ ᠲᠣᠰᠣᠨ ᠠᠴᠠ ᠰᠠᠢᠨ ᠨᠡᠷ᠎ᠡ ᠨᠢ ᠳᠡᠭᠡᠷ᠎ᠡ ᠲᠥᠷᠥᠬᠦ ᠡᠳᠦᠷ ᠡᠴᠡ ᠦᠬᠦᠬᠦ ᠡᠳᠦᠷ ᠨᠢ ᠳᠡᠭᠡᠷ᠎ᠡ᠃
2 ᠨᠠᠢᠷᠯᠠᠵᠤ ᠪᠤᠢ ᠭᠡᠷ ᠲᠦ ᠣᠴᠢᠭᠰᠠᠨ ᠠᠴᠠ ᠭᠠᠰᠢᠭᠤᠳᠠᠵᠤ ᠪᠤᠢ ᠭᠡᠷ ᠲᠦ ᠣᠴᠢᠭᠰᠠᠨ ᠨᠢ ᠳᠡᠭᠡᠷ᠎ᠡ᠂ ᠬᠥᠮᠦᠨ ᠪᠦᠷᠢ ᠶᠢᠨ ᠲᠡᠭᠦᠰᠬᠡᠯ ᠨᠢ ᠲᠡᠷᠡ ᠭᠡᠳᠡᠭ ᠢ ᠠᠮᠢᠳᠤ ᠪᠠᠢᠭᠰᠠᠳ ᠵᠢᠷᠦᠬᠡᠨ ᠳᠡᠭᠡᠨ ᠬᠠᠳᠠᠭᠠᠯᠠᠭ᠃
3 ᠢᠨᠢᠶᠡᠬᠦ ᠡᠴᠡ ᠭᠠᠰᠢᠭᠤᠳᠠᠬᠤ ᠨᠢ ᠳᠡᠭᠡᠷ᠎ᠡ ᠴᠢᠷᠠᠢ ᠶᠢᠨ ᠭᠤᠨᠢᠭ ᠨᠢ ᠵᠢᠷᠦᠬᠡ ᠶᠢ ᠵᠢᠷᠭᠠᠭᠠᠬᠤ ᠤᠴᠢᠷ ᠪᠤᠢ᠃
4 ᠮᠡᠷᠭᠡᠨ ᠦ ᠰᠡᠳᠬᠢᠯ ᠭᠠᠰᠢᠭᠤᠳᠠᠭᠰᠠᠳ ᠤᠨ ᠭᠡᠷ ᠲᠦ ᠮᠤᠩ᠋ᠬᠠᠭ ᠤᠨ ᠰᠡᠳᠬᠢᠯ ᠴᠡᠩᠭᠡᠯᠳᠦᠭᠴᠢᠳ ᠤᠨ ᠭᠡᠷ ᠲᠦ᠃
5 ᠮᠤᠩ᠋ᠬᠠᠭ ᠤᠨ ᠳᠠᠭᠤᠯᠠᠬᠤ ᠶᠢ ᠰᠣᠨᠣᠰᠣᠭᠰᠠᠨ ᠠᠴᠠ ᠮᠡᠷᠭᠡᠨ ᠦ ᠵᠢᠮᠡᠯᠡᠯ ᠢ ᠰᠣᠨᠣᠰᠬᠤ ᠨᠢ ᠳᠡᠭᠡᠷ᠎ᠡ᠃
6 ᠮᠤᠩ᠋ᠬᠠᠭ ᠤᠨ ᠢᠨᠢᠶᠡᠬᠦ ᠨᠢ ᠲᠣᠭᠣᠭᠠᠨ ᠳᠣᠣᠷᠠᠬᠢ ᠥᠷᠭᠡᠰᠦᠲᠦ ᠮᠣᠳᠣᠨ ᠤ ᠰᠢᠲᠠᠬᠤ ᠳᠠᠭᠤ ᠮᠡᠲᠦ ᠡᠨᠡ ᠨᠢ ᠪᠠᠰᠠ ᠬᠣᠭᠣᠰᠣᠨ᠃
7 ᠬᠠᠪᠴᠢᠯᠭ᠎ᠠ ᠮᠡᠷᠭᠡᠨ ᠢ ᠮᠤᠩ᠋ᠬᠠᠷᠠᠭᠤᠯᠤᠨ᠎ᠠ ᠬᠠᠬᠤᠤᠯᠢ ᠣᠶᠤᠨ ᠢ ᠳᠣᠷᠣᠢᠲᠠᠭᠤᠯᠤᠨ᠎ᠠ᠃
8 ᠠᠵᠢᠯ ᠤᠨ ᠡᠬᠢᠯᠡᠯ ᠡᠴᠡ ᠠᠵᠢᠯ ᠤᠨ ᠲᠡᠭᠦᠰᠬᠡᠯ ᠶᠡᠬᠡᠷᠬᠡᠦ ᠵᠠᠩ ᠠᠴᠠ ᠠᠭᠤᠵᠢᠭᠤ ᠵᠠᠩ᠃
9 ᠠᠭᠤᠷᠯᠠᠬᠤ ᠳᠠᠭᠠᠨ ᠪᠦᠦ ᠶᠠᠭᠠᠷᠠ ᠠᠭᠤᠷ ᠨᠢ ᠮᠤᠩ᠋ᠬᠠᠭ ᠤᠨ ᠡᠪᠦᠷ ᠲᠦ ᠪᠠᠢᠳᠠᠭ᠃
10 《ᠤᠷᠢᠳᠤ ᠶᠢᠨ ᠡᠳᠦᠷ ᠤᠳ ᠨᠢ ᠥᠨᠥ ᠶᠢᠨ ᠬᠢ ᠡᠴᠡ ᠳᠡᠭᠡᠷ᠎ᠡ ᠪᠠᠢᠭᠰᠠᠨ ᠪᠣᠯᠪᠠ ᠤᠤ︖》 ᠭᠡᠵᠦ ᠪᠦᠦ ᠬᠡᠯᠡ᠂ ᠢᠩᠭᠢᠵᠦ ᠠᠰᠠᠭᠤᠬᠤ ᠨᠢ ᠮᠡᠷᠭᠡᠨ ᠤᠬᠠᠭᠠᠨ ᠪᠢᠰᠢ᠃
11 ᠮᠡᠷᠭᠡᠨ ᠤᠬᠠᠭᠠᠨ ᠨᠢ ᠥᠪ ᠮᠡᠲᠦ ᠰᠠᠢᠨ ᠨᠠᠷᠠ ᠶᠢ ᠦᠵᠡᠵᠦ ᠪᠠᠢᠭ᠎ᠠ ᠬᠥᠮᠦᠰ ᠲᠦ ᠲᠤᠰᠠ ᠲᠠᠢ᠃
12 ᠮᠡᠷᠭᠡᠨ ᠤᠬᠠᠭᠠᠨ ᠴᠤ ᠬᠠᠮᠠᠭᠠᠯᠠᠯᠲᠠ᠂ ᠮᠥᠩᠭᠥ ᠴᠤ ᠬᠠᠮᠠᠭᠠᠯᠠᠯᠲᠠ ᠪᠣᠯᠪᠠᠴᠤ ᠮᠡᠷᠭᠡᠨ ᠤᠬᠠᠭᠠᠨ ᠨᠢ ᠡᠵᠡᠨ ᠳᠡᠭᠡᠨ ᠠᠮᠢ ᠪᠣᠯᠳᠠᠭ ᠡᠨᠡ ᠨᠢ ᠮᠡᠳᠡᠯᠭᠡ ᠶᠢᠨ ᠳᠠᠪᠠᠭᠤ ᠲᠠᠯ᠎ᠠ ᠶᠤᠮ᠃
13 ᠪᠤᠷᠬᠠᠨ ᠤ ᠦᠢᠯᠡ ᠶᠢ ᠪᠣᠳᠣ ᠲᠡᠭᠦᠨ ᠦ ᠮᠤᠷᠤᠢᠯᠭᠠᠭᠰᠠᠨ ᠢ ᠬᠡᠨ ᠰᠢᠯᠤᠭᠤᠳᠬᠠᠵᠤ ᠴᠢᠳᠠᠬᠤ ᠪᠢᠯᠡ᠃

14 ᠥᠭᠡᠳᠡ ᠲᠠᠢ ᠡᠳᠦᠷ ᠰᠠᠢᠨ ᠳᠤ ᠪᠠᠶᠠᠷᠯᠠ᠂ ᠤᠷᠤᠭᠤ ᠲᠠᠢ ᠡᠳᠦᠷ ᠰᠡᠳᠬᠢᠨ ᠪᠣᠳᠣ᠂ ᠪᠤᠷᠬᠠᠨ ᠠᠯᠢ ᠠᠯᠢ ᠶᠢ ᠨᠢ ᠪᠦᠲᠦᠭᠡᠭᠰᠡᠨ᠃ ᠡᠢᠮᠦ ᠤᠴᠢᠷ ᠠᠴᠠ ᠳᠠᠷᠠᠭ᠎ᠠ ᠨᠢ ᠶᠠᠭᠤ ᠪᠣᠯᠬᠤ ᠶᠢ ᠬᠥᠮᠦᠨ ᠮᠡᠳᠡᠳᠡᠭ ᠦᠭᠡᠢ᠃

15 ᠪᠢ ᠬᠣᠭᠣᠰᠣᠨ ᠠᠮᠢᠳᠤᠷᠠᠯ ᠤᠨ ᠢᠶᠠᠨ ᠲᠤᠷᠰᠢᠳᠠ ᠪᠦᠬᠦᠨ ᠢ ᠦᠵᠡᠪᠡ᠃ ᠵᠥᠪᠲᠡᠨ ᠵᠥᠪ ᠪᠠᠢᠪᠠᠴᠤ ᠰᠦᠢᠷᠡᠵᠦ ᠪᠠᠢᠬᠤ᠂ ᠪᠤᠷᠤᠭᠤᠲᠠᠨ ᠪᠤᠷᠤᠭᠤ ᠪᠠᠢᠪᠠᠴᠤ ᠤᠷᠲᠤ ᠨᠠᠰᠤᠯᠠᠵᠤ ᠪᠠᠢᠬᠤ ᠶᠢ ᠴᠤ ᠪᠢ ᠦᠵᠡᠪᠡ᠃ 16 ᠪᠦᠦ ᠬᠡᠲᠦᠷᠬᠡᠢ ᠵᠥᠪ᠂ ᠳᠡᠩᠳᠡᠭᠦᠦ ᠮᠡᠷᠭᠡᠨ ᠪᠠᠢ᠃ ᠶᠠᠭᠠᠬᠢᠭᠠᠳ ᠴᠢ ᠥᠪᠡᠷ ᠢ ᠪᠠᠨ ᠬᠥᠨᠥᠭᠡᠬᠦ ᠶᠣᠰᠣᠲᠠᠢ ᠶᠤᠮ ᠪᠤᠢ︖ 17 ᠪᠦᠦ ᠬᠡᠲᠦᠷᠬᠡᠢ ᠪᠤᠷᠤᠭᠤ᠂ ᠡᠰᠡᠪᠡᠯ ᠮᠤᠩ᠋ᠬᠠᠭ ᠪᠠᠢ᠃ ᠶᠠᠭᠠᠬᠢᠭᠠᠳ ᠴᠢ ᠴᠠᠭ ᠠᠴᠠ ᠪᠠᠨ ᠡᠮᠦᠨ᠎ᠡ ᠦᠬᠦᠬᠦ ᠶᠣᠰᠣᠲᠠᠢ ᠶᠤᠮ ᠪᠤᠢ︖ 18 ᠨᠢᠭᠡ ᠡᠴᠡ ᠨᠢ ᠵᠢᠭᠤᠷᠠᠵᠤ᠂ ᠨᠥᠭᠥᠭᠡ ᠶᠢ ᠨᠢ ᠴᠤ ᠲᠠᠯᠪᠢᠯ ᠦᠭᠡᠢ ᠪᠠᠢᠬᠤ ᠨᠢ ᠳᠡᠭᠡᠷ᠎ᠡ᠂ ᠪᠤᠷᠬᠠᠨ ᠠᠴᠠ ᠡᠮᠢᠶᠡᠭᠴᠢ ᠬᠠᠷᠢᠨ ᠲᠡᠷᠡ ᠪᠦᠭᠦᠳᠡ ᠡᠴᠡ ᠮᠤᠯᠲᠤᠷᠠᠨ᠎ᠠ᠃

19 ᠮᠡᠷᠭᠡᠨ ᠤᠬᠠᠭᠠᠨ ᠨᠢ ᠮᠡᠷᠭᠡᠨ ᠢ ᠬᠣᠲᠠ ᠶᠢᠨ ᠠᠷᠪᠠᠨ ᠵᠠᠬᠢᠷᠤᠭᠴᠢ ᠡᠴᠡ ᠢᠯᠡᠭᠦᠦ ᠬᠦᠴᠦᠷᠬᠡᠭᠵᠢᠭᠦᠯᠦᠨ᠎ᠡ᠃

20 ᠨᠢᠭᠦᠯ ᠦᠢᠯᠡᠳᠳᠡᠭ ᠦᠭᠡᠢ᠂ ᠰᠠᠢᠨ ᠢ ᠯᠠ ᠦᠢᠯᠡᠳᠳᠡᠭ ᠵᠥᠪᠲᠦ ᠬᠥᠮᠦᠨ ᠭᠡᠵᠦ ᠭᠠᠵᠠᠷ ᠳᠡᠭᠡᠷ᠎ᠡ ᠨᠢᠭᠡᠬᠡᠨ ᠴᠤ ᠠᠯᠠᠭ᠎ᠠ᠃

21 ᠬᠥᠮᠦᠰ ᠦᠨ ᠶᠠᠷᠢᠬᠤ ᠦᠭᠡ ᠪᠣᠯᠭᠠᠨ ᠳᠤ ᠰᠠᠨᠠᠭ᠎ᠠ ᠲᠠᠯᠪᠢᠭᠠᠳ ᠪᠠᠢᠬᠤ ᠬᠡᠷᠡᠭ ᠦᠭᠡᠢ᠂ ᠪᠣᠭᠣᠯ ᠴᠢᠨᠢ ᠴᠢᠮ᠎ᠠ ᠶᠢ ᠬᠠᠷᠢᠶᠠᠬᠤ ᠨᠢ ᠴᠤ ᠰᠣᠨᠣᠰᠳᠠᠬᠤ ᠪᠤᠢ᠃ 22 ᠴᠢ ᠥᠪᠡᠷ ᠢᠶᠡᠨ ᠪᠤᠰᠤᠳ ᠢ ᠣᠯᠠᠨᠲᠠ ᠬᠠᠷᠢᠶᠠᠵᠤ ᠪᠠᠢᠭᠰᠠᠨ ᠢ ᠵᠢᠷᠦᠬᠡ ᠴᠢᠨᠢ ᠮᠡᠳᠡᠨ᠎ᠡ᠃

23 ᠡᠨᠡ ᠪᠦᠬᠦᠨ ᠢ ᠪᠢ ᠮᠡᠷᠭᠡᠨ ᠤᠬᠠᠭᠠᠨ ᠢᠶᠠᠷ ᠰᠢᠯᠭᠠᠭᠰᠠᠨ ᠪᠢᠯᠡ᠃ ᠡᠢᠨ ᠬᠦ ᠪᠢ 《ᠮᠡᠷᠭᠡᠨ ᠪᠣᠯᠣᠶ᠎ᠠ》 ᠭᠡᠰᠡᠨ ᠪᠣᠯᠪᠠᠴᠤ ᠲᠡᠷᠡ ᠨᠢ ᠨᠠᠳᠠ ᠠᠴᠠ ᠬᠣᠯᠠ᠂ 24 ᠬᠣᠯᠠ ᠪᠥᠭᠡᠳ ᠭᠦᠨ ᠡᠴᠡ ᠭᠦᠨ ᠪᠠᠢᠯ᠎ᠠ᠃ ᠬᠡᠨ ᠡᠭᠦᠨ ᠢ ᠣᠯᠬᠤ ᠪᠢᠯᠡ︖ 25 ᠪᠢ ᠮᠡᠷᠭᠡᠨ ᠤᠬᠠᠭᠠᠨ ᠪᠠ ᠶᠠᠭᠤᠮᠠᠨ ᠤ ᠤᠴᠢᠷ ᠵᠦᠢ ᠶᠢ ᠣᠢᠯᠠᠭᠠᠭᠠᠳ ᠰᠢᠨᠵᠢᠯᠡᠨ ᠰᠤᠳᠤᠯᠵᠤ᠂ ᠬᠣᠷᠣᠨ ᠮᠠᠭᠤ ᠪᠠᠢᠬᠤ ᠨᠢ ᠮᠤᠩ᠋ᠬᠠᠭ᠂ ᠮᠤᠩ᠋ᠬᠠᠭ ᠪᠠᠢᠬᠤ ᠨᠢ ᠭᠠᠯᠵᠠᠭᠤ ᠭᠡᠳᠡᠭ ᠢ ᠲᠣᠳᠣᠷᠠᠭᠤᠯᠬᠤ ᠪᠠᠷ ᠰᠡᠳᠬᠢᠯ ᠢᠶᠠᠨ ᠴᠢᠭᠯᠡᠭᠦᠯᠦᠭᠰᠡᠨ ᠪᠢᠯᠡ᠃ 26 ᠵᠢᠷᠦᠬᠡ ᠨᠢ ᠤᠷᠠᠬ᠎ᠠ ᠲᠣᠣᠷ᠂ ᠭᠠᠷ ᠨᠢ ᠭᠢᠨᠵᠢ ᠪᠠᠢᠳᠠᠭ ᠡᠮ᠎ᠡ ᠨᠢ ᠦᠬᠦᠯ ᠡᠴᠡ ᠴᠤ ᠭᠠᠰᠢᠭᠤᠨ ᠪᠣᠯᠬᠤ ᠶᠢ ᠪᠢ ᠣᠯᠵᠤ ᠮᠡᠳᠡᠪᠡ᠃ ᠪᠤᠷᠬᠠᠨ ᠳᠤ ᠲᠠᠭᠠᠯᠠᠮᠵᠢᠲᠤ ᠨᠢᠭᠡᠨ ᠨᠢ ᠲᠡᠭᠦᠨ ᠡᠴᠡ ᠵᠠᠢᠯᠠᠳᠠᠭ ᠪᠣᠯ᠂ ᠨᠢᠭᠦᠯᠲᠡᠨ ᠨᠢ ᠲᠡᠭᠦᠨ ᠳᠦ ᠣᠯᠵᠠᠯᠠᠭᠳᠠᠳᠠᠭ ᠠᠵᠢ᠃ 27 ᠠᠩ᠋ᠬᠠᠷᠤᠭᠲᠤᠨ᠂ ᠮᠢᠨᠦ ᠣᠯᠵᠤ ᠮᠡᠳᠡᠭᠰᠡᠨ ᠨᠢ ᠡᠨᠡ᠃ ᠨᠣᠮᠯᠠᠭᠴᠢ ᠶᠠᠷᠢᠵᠤ ᠪᠠᠢᠨ᠎ᠠ᠂ ᠪᠢ ᠶᠠᠭᠤᠮᠠᠰ ᠢ ᠨᠢᠭᠡ ᠨᠢᠭᠡ ᠪᠡᠷ ᠨᠢ ᠦᠵᠡᠵᠦ ᠤᠴᠢᠷ ᠵᠦᠢ ᠶᠢ ᠨᠢ ᠣᠯᠬᠤ ᠭᠡᠰᠡᠨ ᠪᠥᠭᠡᠳ 28 ᠰᠦᠨᠡᠰᠦ ᠮᠢᠨᠢ ᠣᠳᠣ ᠴᠤ ᠲᠡᠭᠦᠨ ᠢ ᠬᠠᠢᠭᠰᠠᠭᠠᠷ ᠪᠠᠢᠭ᠎ᠠ ᠪᠣᠯᠪᠠᠴᠤ ᠬᠠᠷᠠᠬᠠᠨ ᠣᠯᠣᠭ᠎ᠠ ᠦᠭᠡᠢ ᠪᠠᠢᠨ᠎ᠠ᠃ ᠪᠢ ᠮᠢᠩ᠋ᠭᠠᠨ ᠡᠷᠡᠭᠲᠡᠢ ᠡᠴᠡ ᠨᠢᠭᠡ ᠶᠢ ᠯᠠ ᠣᠯᠣᠭᠰᠠᠨ ᠪᠣᠯᠪᠠᠴᠤ ᠮᠢᠩ᠋ᠭᠠᠨ ᠡᠮᠡᠭᠲᠡᠢ ᠡᠴᠡ ᠨᠢᠭᠡ ᠶᠢ ᠴᠤ ᠣᠯᠣᠭᠰᠠᠨ ᠦᠭᠡᠢ᠃ 29 ᠬᠠᠷᠠ᠂ ᠪᠢ ᠭᠠᠭᠴᠠ ᠵᠦᠢᠯ ᠢ ᠣᠯᠵᠤ ᠮᠡᠳᠡᠯ᠎ᠡ᠂ ᠪᠤᠷᠬᠠᠨ ᠬᠥᠮᠦᠨ ᠢ ᠰᠢᠯᠤᠭᠤᠨ ᠪᠠᠢᠬᠤ ᠪᠠᠷ ᠪᠦᠲᠦᠭᠡᠭᠰᠡᠨ ᠪᠣᠯ᠂ ᠲᠡᠳᠡ ᠥᠪᠡᠷᠰᠡᠳ ᠢᠶᠡᠨ ᠣᠯᠠᠨ ᠠᠷᠭ᠎ᠠ ᠶᠢ ᠰᠡᠳᠦᠳᠡᠭ ᠶᠤᠮ᠃