ᠨᠣᠮᠯᠠᠭᠴᠢ ᠶᠢᠨ ᠦᠭᠡᠰ ᠠᠷᠪᠠ
ᠮᠡᠷᠭᠡᠨ ᠪᠠ ᠮᠤᠩ᠋ᠬᠠᠭ
1 ᠦᠬᠦᠭᠰᠡᠨ ᠢᠯᠠᠭ᠎ᠠ ᠠᠩᠬᠢᠯᠤᠮ᠎ᠠ ᠲᠣᠰᠣ ᠶᠢ ᠥᠮᠡᠬᠡᠶᠢᠷᠡᠭᠦᠯᠳᠡᠭ᠌ ᠥᠴᠦᠬᠡᠨ ᠲᠡᠨᠡᠭᠯᠡᠯ ᠮᠡᠷᠭᠡᠨ ᠤᠬᠠᠭᠠᠨ᠂ ᠠᠯᠳᠠᠷ ᠬᠦᠨᠳᠦ ᠶᠢ ᠭᠤᠲᠤᠭᠠᠳᠠᠭ᠃
2 ᠮᠡᠷᠭᠡᠨ ᠦ ᠰᠡᠳᠬᠢᠯ ᠵᠥᠪ ᠲᠡᠰᠢ 2 ᠮᠤᠩ᠋ᠬᠠᠭ ᠤᠨ ᠰᠡᠳᠬᠢᠯ ᠪᠤᠷᠤᠭᠤ ᠲᠡᠰᠢ 3 ᠃
3 ᠮᠤᠩ᠋ᠬᠠᠭ ᠨᠢ ᠵᠠᠮ ᠶᠠᠪᠤᠬᠤ ᠳᠠᠭᠠᠨ ᠴᠤ ᠤᠬᠠᠭᠠᠨ ᠦᠭᠡᠢ ᠪᠠᠢᠵᠤ ᠮᠤᠩ᠋ᠬᠠᠭ ᠭᠡᠳᠡᠭ ᠢᠶᠡᠨ ᠣᠯᠠᠨ ᠪᠦᠭᠦᠳᠡ ᠳᠦ ᠮᠡᠳᠡᠭᠦᠯᠳᠡᠭ᠃
4 ᠵᠠᠬᠢᠷᠤᠭᠴᠢ ᠴᠢᠮ᠎ᠠ ᠳᠤ ᠠᠭᠤᠷ ᠢᠶᠠᠨ ᠭᠠᠷᠭᠠᠭᠰᠠᠨ ᠴᠤ ᠴᠢ ᠪᠠᠢᠷᠢ ᠰᠠᠭᠤᠷᠢ ᠪᠠᠨ ᠪᠦᠦ ᠣᠷᠬᠢ ᠲᠣᠭᠲᠠᠭᠤᠨ ᠵᠠᠩ ᠬᠦᠨᠳᠦ ᠠᠯᠳᠠᠭ᠎ᠠ ᠶᠢ ᠬᠥᠩᠭᠡᠷᠡᠭᠦᠯᠦᠨ᠎ᠡ᠃
5 ᠵᠠᠬᠢᠷᠤᠭᠴᠢ ᠶᠢᠨ ᠭᠠᠷᠭᠠᠳᠠᠭ ᠠᠯᠳᠠᠭ᠎ᠠ ᠮᠡᠲᠦ ᠨᠢᠭᠡᠨ ᠭᠠᠢ ᠶᠢ ᠪᠢ ᠨᠠᠷᠠᠨ ᠤ ᠳᠣᠣᠷ᠎ᠠ ᠬᠠᠷᠠᠪᠠ᠃
6 ᠮᠤᠩ᠋ᠬᠠᠭ ᠨᠢ ᠡᠷᠬᠢᠮ ᠳᠡᠭᠡᠳᠦ ᠲᠤᠰᠢᠶᠠᠯ ᠳᠤ ᠲᠣᠮᠢᠯᠠᠭᠳᠠᠵᠤ᠂ ᠪᠠᠶᠠᠴᠤᠳ ᠳᠣᠣᠷᠠᠳᠤ ᠰᠠᠭᠤᠳᠠᠯ ᠳᠤ ᠰᠠᠭᠤᠬᠤ᠂
7 ᠪᠣᠭᠣᠯ ᠤᠳ ᠮᠣᠷᠢ ᠤᠨᠤᠵᠤ᠂ ᠨᠣᠶᠠᠳ ᠪᠣᠭᠣᠯ ᠠᠳᠠᠯᠢ ᠶᠠᠪᠠᠭᠠᠨ ᠶᠠᠪᠤᠬᠤ ᠶᠢ ᠴᠤ ᠪᠢ ᠬᠠᠷᠠᠪᠠ᠃
8 ᠨᠦᠬᠡ ᠤᠬᠤᠭᠴᠢ ᠲᠡᠭᠦᠨ ᠳᠡᠭᠡᠨ ᠤᠨᠠᠨ᠎ᠠ ᠬᠠᠨ᠎ᠠ ᠨᠤᠷᠠᠭᠠᠭᠴᠢ ᠮᠣᠭᠠᠢ ᠳᠤ ᠬᠠᠳᠬᠤᠭᠳᠠᠨᠠ
9 ᠴᠢᠯᠠᠭᠤ ᠭᠠᠷᠭᠠᠭᠴᠢ ᠴᠢᠯᠠᠭᠤᠨ ᠠᠴᠠ ᠪᠠᠨ ᠪᠡᠷᠲᠡᠨᠡ ᠲᠦᠯᠡᠭᠡ ᠬᠠᠭᠠᠯᠤᠭᠴᠢ ᠲᠡᠭᠦᠨ ᠡᠴᠡ ᠪᠡᠨ ᠭᠡᠮᠲᠦᠨ᠎ᠡ᠃
10 ᠮᠤᠬᠤᠷ ᠰᠦᠬᠡ ᠪᠡᠨ ᠢᠷᠯᠡᠬᠦ ᠦᠭᠡᠢ ᠪᠣᠯ ᠬᠦᠴᠦ ᠢᠯᠡᠭᠦᠦ ᠵᠠᠷᠤᠴᠠᠭᠤᠯᠳᠠᠭ ᠮᠡᠷᠭᠡᠨ ᠤᠬᠠᠭᠠᠨ ᠠᠮᠵᠢᠯᠲᠠ ᠣᠯᠬᠤ ᠳᠤ ᠲᠤᠰᠠ ᠲᠠᠢ᠃
11 ᠮᠣᠭᠠᠢ ᠬᠣᠪᠣᠰᠣᠳᠠᠬᠤ ᠠᠴᠠ ᠪᠠᠨ ᠡᠮᠦᠨ᠎ᠡ ᠬᠠᠵᠠᠭᠰᠠᠨ ᠪᠣᠯ ᠬᠣᠪᠣᠰᠣᠳᠠᠭᠤᠯᠤᠭᠴᠢ ᠨᠢ ᠬᠡᠷᠡᠭ ᠦᠭᠡᠢ᠃
12 ᠮᠡᠷᠭᠡᠨ ᠦ ᠠᠮᠠᠨ ᠠᠴᠠ ᠭᠠᠷᠬᠤ ᠦᠭᠡ ᠨᠢ ᠲᠠᠭᠠᠯᠠᠯ ᠮᠤᠩ᠋ᠬᠠᠭ ᠤᠨ ᠣᠷᠣᠭᠤᠯ ᠥᠪᠡᠷ ᠢ ᠨᠢ ᠵᠠᠯᠭᠢᠳᠠᠭ᠂
13 ᠲᠡᠭᠦᠨ ᠦ ᠠᠮᠠᠨ ᠤ ᠦᠭᠡᠰ ᠮᠤᠩ᠋ᠬᠠᠭ ᠢᠶᠠᠷ ᠡᠬᠢᠯᠡᠵᠦ ᠠᠶᠤᠮᠰᠢᠭᠲᠤ ᠭᠠᠯᠵᠠᠭᠤᠷᠠᠯ ᠢᠶᠠᠷ ᠲᠡᠭᠦᠰᠦᠨ᠎ᠡ᠂
14 ᠭᠡᠪᠡᠴᠦ ᠮᠤᠩ᠋ᠬᠠᠭ ᠣᠯᠠᠨ ᠦᠭᠡ ᠲᠠᠢ ᠪᠠᠢᠳᠠᠭ ᠶᠠᠭᠤ ᠪᠣᠯᠬᠤ ᠶᠢ ᠬᠥᠮᠦᠨ ᠡᠰᠡ ᠮᠡᠳᠡᠨ᠎ᠡ᠂ ᠴᠠᠰᠢ ᠨᠢ ᠶᠠᠭᠤ ᠪᠣᠯᠬᠤ ᠶᠢ ᠬᠡᠨ ᠲᠡᠭᠦᠨ ᠳᠦ ᠬᠡᠯᠡᠵᠦ ᠴᠢᠳᠠᠬᠤ ᠪᠢᠯᠡ︖
15 ᠮᠤᠩ᠋ᠬᠠᠭ ᠤᠨ ᠬᠥᠳᠡᠯᠮᠦᠷᠢ ᠥᠪᠡᠷ ᠢ ᠨᠢ ᠶᠠᠳᠠᠷᠠᠭᠠᠨᠠ ᠲᠣᠰᠬᠣᠨ ᠤᠷᠤᠭᠤ ᠪᠠᠨ ᠶᠠᠭᠠᠬᠢᠵᠤ ᠶᠠᠪᠤᠬᠤ ᠪᠠᠨ ᠴᠤ ᠮᠡᠳᠡᠬᠦ ᠪᠡᠨ ᠪᠣᠯᠢᠨ᠎ᠠ᠃
16 ᠬᠠᠭᠠᠨ ᠨᠢ ᠪᠠᠯᠴᠢᠷ᠂ ᠨᠣᠶᠠᠳ ᠨᠢ ᠥᠷᠯᠥᠭᠡᠵᠢᠨ ᠨᠠᠢᠷᠯᠠᠳᠠᠭ ᠭᠦᠷᠦᠨ ᠭᠠᠰᠠᠯᠠᠩᠲᠠᠶ᠎ᠠ︕
17 ᠬᠠᠭᠠᠨ ᠨᠢ ᠢᠵᠠᠭᠤᠷᠲᠠᠨ ᠠᠴᠠ ᠭᠠᠷᠤᠯ ᠲᠠᠢ ᠨᠣᠶᠠᠳ ᠨᠢ ᠰᠣᠭᠲᠣᠭᠤᠷᠠᠬᠤ ᠶᠢᠨ ᠲᠥᠯᠥᠭᠡ ᠪᠤᠰᠤ᠂ ᠬᠦᠴᠦ ᠰᠡᠯᠪᠢᠬᠦ ᠶᠢᠨ ᠲᠥᠯᠥᠭᠡ ᠵᠣᠬᠢᠰᠲᠠᠢ ᠴᠠᠭ ᠲᠤ ᠨᠠᠢᠷᠯᠠᠳᠠᠭ ᠭᠦᠷᠦᠨ ᠪᠤᠶᠠᠨ ᠲᠠᠢ᠃
18 ᠵᠠᠯᠬᠠᠭᠤ ᠶᠢᠨ ᠳᠡᠭᠡᠪᠦᠷ ᠬᠣᠲᠣᠢᠵᠤ ᠬᠣᠢᠷᠭᠣ ᠭᠠᠷᠲᠤ ᠶᠢᠨ ᠭᠡᠷ ᠭᠣᠭᠣᠵᠢᠨᠠ᠃
19 ᠭᠡᠪᠡᠴᠦ ᠲᠡᠳᠡ ᠨᠠᠷᠭᠢᠯᠳᠤᠬᠤ ᠪᠠᠷ ᠨᠠᠢᠷ ᠬᠢᠵᠦ 《ᠳᠠᠷᠠᠰᠤ ᠠᠮᠢᠳᠤᠷᠠᠯ ᠢ ᠬᠥᠭᠵᠢᠭᠡᠨ ᠵᠣᠭᠣᠰ ᠪᠦᠭᠦᠳᠡ ᠶᠢ ᠬᠠᠩ᠋ᠭᠠᠨ᠎ᠠ》 ᠭᠡᠳᠡᠭ᠃
20 ᠪᠣᠳᠣᠯ ᠳᠠᠭᠠᠨ ᠴᠤ ᠬᠠᠭᠠᠨ ᠢ ᠪᠦᠦ ᠬᠠᠷᠢᠶ᠎ᠠ ᠥᠷᠥᠭᠡᠨ ᠳᠡᠭᠡᠨ ᠴᠤ ᠪᠠᠶᠠᠨ ᠢ ᠪᠦᠦ ᠬᠠᠷᠢᠶ᠎ᠠ ᠲᠩᠷᠢ ᠶᠢᠨ ᠰᠢᠪᠠᠭᠤ ᠦᠭᠡ ᠶᠢ ᠴᠢᠨᠢ ᠵᠥᠭᠡᠭᠡᠵᠦ ᠵᠢᠭᠦᠷᠲᠡᠨ ᠶᠠᠷᠢᠶ᠎ᠠ ᠶᠢ ᠴᠢᠨᠢ ᠵᠠᠳᠠᠷᠠᠭᠤᠯᠤᠨ᠎ᠠ᠃