1 2 3 4 5 6 7 8 9 10 11 12


ᠨᠣᠮᠯᠠᠭᠴᠢ ᠶᠢᠨ ᠦᠭᠡᠰ ᠨᠠᠢ᠌ᠮᠠ
1 ᠬᠡᠨ ᠮᠡᠷᠭᠡᠨ ᠬᠥᠮᠦᠨ ᠲᠡᠢ ᠠᠳᠠᠯᠢ ᠪᠤᠢ︖ ᠬᠡᠨ ᠶᠠᠭᠤᠮ᠎ᠠ ᠶᠢᠨ ᠤᠴᠢᠷ ᠢ ᠮᠡᠳᠡᠳᠡᠭ ᠪᠤᠢ︖ ᠮᠡᠷᠭᠡᠨ ᠤᠬᠠᠭᠠᠨ ᠬᠥᠮᠦᠨ ᠦ ᠨᠢᠭᠤᠷ ᠢ ᠭᠡᠷᠡᠯᠲᠦᠭᠦᠯᠵᠦ᠂ ᠪᠠᠷᠤᠭᠠᠷ ᠴᠢᠷᠠᠢ ᠶᠢ ᠴᠤ ᠥᠭᠡᠷᠡᠴᠢᠯᠡᠨ᠎ᠡ᠃
 ᠪᠤᠷᠬᠠᠨ ᠤ ᠨᠢᠭᠤᠴᠠᠯᠠᠭᠳᠠᠭᠰᠠᠨ ᠨᠣᠶᠠᠷᠬᠠᠯ

2 ᠪᠤᠷᠬᠠᠨ ᠳᠤ ᠲᠠᠩ᠋ᠭᠠᠷᠢᠭᠯᠠᠭᠰᠠᠨ ᠤ ᠤᠯᠠᠮ ᠢᠶᠠᠷ ᠬᠠᠭᠠᠨ ᠤ ᠵᠠᠷᠯᠢᠭ ᠢ ᠰᠠᠬᠢ᠂ ᠪᠢ ᠬᠡᠯᠡᠶ᠎ᠡ᠂ 3 ᠬᠠᠭᠠᠨ ᠠᠴᠠ ᠠᠶᠠᠷᠯᠠᠬᠤ ᠭᠡᠵᠦ ᠪᠦᠦ ᠶᠠᠭᠠᠷᠠ᠂ ᠬᠣᠷᠣᠨ ᠮᠠᠭᠤ ᠬᠡᠷᠡᠭ ᠲᠦ ᠪᠦᠦ ᠣᠷᠣᠯᠴᠠ᠃ ᠤᠴᠢᠷ ᠨᠢ ᠬᠠᠭᠠᠨ ᠶᠠᠭᠤ ᠬᠦᠰᠡᠭᠰᠡᠨ ᠢᠶᠡᠨ ᠬᠢᠬᠦ ᠪᠣᠯᠣᠨ᠎ᠠ᠃ 4 ᠬᠠᠭᠠᠨ ᠤ ᠦᠭᠡ ᠳᠡᠭᠡᠳᠦ ᠡᠷᠬᠡ ᠲᠠᠢ᠂ ᠬᠡᠨ ᠲᠡᠭᠦᠨ ᠡᠴᠡ 《ᠲᠠ ᠶᠠᠭᠤ ᠬᠢᠵᠦ ᠪᠠᠢᠨ᠎ᠠ︖》 ᠭᠡᠵᠦ ᠠᠰᠠᠭᠤᠬᠤ ᠪᠤᠢ︖ 5 ᠵᠠᠷᠯᠢᠭ ᠢ ᠨᠢ ᠰᠠᠬᠢᠭᠴᠢ ᠮᠠᠭᠤ ᠳᠤ ᠥᠷᠲᠥᠬᠦ ᠦᠭᠡᠢ᠃ ᠰᠡᠴᠡᠨ ᠤᠬᠠᠭᠠᠨᠲᠠᠨ ᠵᠣᠬᠢᠰᠲᠤ ᠴᠠᠭ ᠪᠠ ᠵᠠᠮ ᠢ ᠮᠡᠳᠡᠨ᠎ᠡ᠃ 6 ᠶᠡᠬᠡ ᠵᠣᠪᠠᠯᠠᠩ ᠬᠥᠮᠦᠨ ᠢ ᠳᠠᠷᠤᠬᠤ ᠦᠶ᠎ᠡ ᠳᠦ ᠴᠤ ᠶᠠᠪᠤᠳᠠᠯ ᠪᠣᠯᠭᠠᠨ ᠳᠤ ᠵᠣᠬᠢᠰᠲᠤ ᠴᠠᠭ ᠪᠠ ᠵᠠᠮ ᠪᠤᠢ᠃ 7 ᠬᠠᠷᠢᠨ ᠶᠠᠭᠤ ᠲᠣᠬᠢᠶᠠᠯᠳᠤᠬᠤ ᠶᠢ ᠮᠡᠳᠡᠬᠦ ᠬᠥᠮᠦᠨ ᠠᠯᠠᠭ᠎ᠠ ᠤᠴᠢᠷ ᠠᠴᠠ ᠶᠠᠭᠤ ᠲᠣᠬᠢᠶᠠᠯᠳᠤᠬᠤ ᠶᠢ ᠬᠡᠨ ᠬᠡᠯᠡᠵᠦ ᠴᠢᠳᠠᠬᠤ ᠪᠢᠯᠡ︖ 8 ᠰᠠᠯᠬᠢ ᠶᠢ ᠵᠠᠬᠢᠷᠬᠤ᠂ ᠰᠠᠯᠬᠢ ᠶᠢ ᠲᠣᠭᠲᠠᠭᠠᠬᠤ ᠬᠥᠮᠦᠨ ᠭᠡᠵᠦ ᠠᠯᠠᠭ᠎ᠠ᠂ ᠦᠬᠦᠬᠦ ᠡᠳᠦᠷ ᠢᠶᠡᠨ ᠵᠠᠬᠢᠷᠬᠤ ᠬᠥᠮᠦᠨ ᠠᠯᠠᠭ᠎ᠠ᠂ ᠪᠠᠢᠯᠳᠤᠭᠠᠨ ᠤ ᠦᠶ᠎ᠡ ᠳᠦ ᠬᠠᠯᠠᠭᠳᠠᠬᠤ ᠬᠥᠮᠦᠨ ᠴᠤ ᠠᠯᠠᠭ᠎ᠠ᠂ ᠳᠠᠢᠨ ᠤ ᠪᠤᠷᠤᠭᠤ ᠨᠢ ᠪᠤᠷᠤᠭᠤᠲᠠᠨ ᠢ ᠴᠢᠯᠥᠭᠡᠯᠡᠵᠦ ᠦᠯᠦ ᠴᠢᠳᠠᠨ᠎ᠠ᠃ 9 ᠪᠢ ᠨᠠᠷᠠᠨ ᠤ ᠳᠣᠣᠷ᠎ᠠ ᠬᠢᠭᠳᠡᠳᠡᠭ ᠪᠦᠬᠦᠨ ᠳᠦ ᠰᠡᠳᠬᠢᠯ ᠢᠶᠠᠨ ᠴᠢᠭᠯᠡᠭᠦᠯᠪᠡ᠂ ᠬᠥᠮᠦᠨ ᠬᠠᠶᠠ ᠪᠤᠰᠤᠳ ᠢ ᠵᠠᠬᠢᠷᠬᠤ ᠭᠡᠳ ᠥᠪᠡᠷ ᠲᠡᠭᠡᠨ ᠬᠣᠬᠢᠷᠠᠯ ᠤᠴᠠᠷᠠᠭᠤᠯᠵᠤ ᠪᠠᠢᠳᠠᠭ᠃

10 ᠪᠢ ᠪᠤᠷᠤᠭᠤᠲᠠᠳ ᠤᠨ ᠪᠤᠯᠠᠰᠢᠯᠠᠭᠳᠠᠬᠤ ᠶᠢ ᠬᠠᠷᠠᠪᠠ᠃ ᠲᠡᠳᠡ ᠠᠷᠢᠭᠤᠨ ᠭᠠᠵᠠᠷ ᠢᠶᠠᠷ ᠣᠷᠣᠵᠤ ᠭᠠᠷᠤᠭᠰᠠᠭᠠᠷ᠂ ᠮᠠᠭᠤ ᠶᠢ ᠦᠢᠯᠡᠳᠦᠭᠰᠡᠭᠡᠷ ᠪᠠᠢᠭ᠎ᠠ ᠠᠲᠠᠯ᠎ᠠ ᠪᠠᠨ ᠡᠳᠦᠭᠡ ᠲᠡᠷᠡ ᠬᠣᠲᠠ ᠳᠠᠭᠠᠨ ᠰᠠᠢᠰᠢᠶᠠᠭᠳᠠᠵᠤ ᠪᠠᠢᠨ᠎ᠠ᠃ ᠡᠨᠡ ᠨᠢ ᠪᠠᠰᠠ ᠬᠣᠭᠣᠰᠣᠨ᠂ 11 ᠮᠠᠭᠤ ᠦᠢᠯᠡ ᠶᠢᠨ ᠰᠢᠳᠬᠡᠯ ᠨᠢ ᠲᠡᠷᠡ ᠳᠣᠣᠷ᠎ᠠ ᠪᠠᠨ ᠭᠦᠢᠴᠡᠯᠳᠦᠳᠡᠭ ᠪᠢᠰᠢ ᠤᠴᠢᠷ ᠠᠴᠠ ᠬᠥᠮᠦᠨ ᠦ ᠰᠡᠳᠬᠢᠯ ᠮᠠᠭᠤ ᠶᠢ ᠦᠢᠯᠡᠳᠬᠦ ᠳᠡᠭᠡᠨ ᠪᠦᠷ ᠪᠡᠯᠡᠬᠡᠨ ᠪᠠᠢᠳᠠᠭ ᠠᠵᠢ᠃ 12 ᠬᠡᠳᠦᠢᠪᠡᠷ ᠨᠢᠭᠦᠯᠲᠡᠨ ᠵᠠᠭᠤᠨᠲᠠ ᠮᠠᠭᠤ ᠶᠢ ᠦᠢᠯᠡᠳᠦᠨ᠂ ᠤᠷᠲᠤ ᠨᠠᠰᠤᠯᠠᠳᠠᠭ ᠴᠤ᠂ ᠪᠤᠷᠬᠠᠨ ᠠᠴᠠ ᠡᠮᠢᠶᠡᠬᠦ᠂ ᠲᠡᠭᠦᠨ ᠦ ᠡᠮᠦᠨ᠎ᠡ ᠡᠮᠢᠶᠡᠬᠦ ᠨᠢ ᠢᠯᠡᠭᠦᠦ ᠰᠠᠢᠨ ᠪᠣᠯᠬᠤ ᠶᠢ ᠪᠢ ᠦᠨᠡᠬᠡᠷ ᠮᠡᠳᠡᠨ᠎ᠡ᠃ 13 ᠪᠤᠷᠤᠭᠤᠲᠠᠨ ᠪᠤᠷᠬᠠᠨ ᠠᠴᠠ ᠡᠮᠢᠶᠡᠳᠡᠭ ᠦᠭᠡᠢ ᠤᠴᠢᠷ ᠠᠴᠠ ᠰᠠᠢᠨ ᠨᠢ ᠲᠡᠭᠦᠨ ᠳᠦ ᠦᠭᠡᠢ᠂ ᠲᠡᠭᠦᠨ ᠦ ᠡᠳᠦᠷ ᠤᠳ ᠰᠡᠭᠦᠳᠡᠷ ᠠᠳᠠᠯᠢ ᠤᠷᠲᠤᠰᠬᠤ ᠦᠭᠡᠢ᠃

14 ᠭᠠᠵᠠᠷ ᠳᠡᠭᠡᠷ᠎ᠡ ᠪᠣᠯᠵᠤ ᠪᠤᠢ ᠥᠭᠡᠷ᠎ᠡ ᠨᠢᠭᠡᠨ ᠬᠣᠭᠣᠰᠣᠨ ᠶᠠᠪᠤᠳᠠᠯ ᠭᠡᠪᠡᠯ᠂ ᠪᠤᠷᠤᠭᠤᠲᠠᠨ ᠳᠤ ᠲᠣᠬᠢᠶᠠᠯᠳᠤᠪᠠᠯ ᠵᠣᠬᠢᠬᠤ ᠶᠠᠪᠤᠳᠠᠯ ᠵᠥᠪᠲᠡᠨ ᠳᠦ᠂ ᠵᠥᠪᠲᠡᠨ ᠦ ᠬᠦᠷᠲᠡᠪᠡᠯ ᠵᠣᠬᠢᠬᠤ ᠵᠦᠢᠯ ᠨᠢ ᠪᠤᠷᠤᠭᠤᠲᠠᠨ ᠳᠤ ᠬᠦᠷᠬᠦ ᠶᠤᠮ᠃ ᠡᠨᠡ ᠨᠢ ᠪᠠᠰᠠ ᠤᠳᠬ᠎ᠠ ᠦᠭᠡᠢ ᠭᠡᠵᠦ ᠪᠢ ᠬᠡᠯᠡᠨ᠎ᠡ᠃ 15 ᠬᠠᠷᠢᠨ ᠪᠢ ᠪᠠᠶᠠᠷ ᠬᠥᠷ ᠢ ᠡᠷᠬᠢᠮᠯᠡᠳᠡᠭ᠃ ᠨᠠᠷᠠᠨ ᠤ ᠳᠣᠣᠷ᠎ᠠ ᠬᠥᠮᠦᠨ ᠳᠦ ᠢᠳᠡᠵᠦ ᠤᠤᠭᠤᠵᠤ ᠪᠠᠶᠠᠷᠯᠠᠬᠤ ᠠᠴᠠ ᠳᠡᠭᠡᠷ᠎ᠡ ᠶᠠᠭᠤᠮ᠎ᠠ ᠠᠯᠠᠭ᠎ᠠ᠃ ᠬᠥᠮᠦᠨ ᠨᠠᠷᠠᠨ ᠤ ᠳᠣᠣᠷ᠎ᠠ ᠪᠤᠷᠬᠠᠨ ᠤ ᠰᠣᠶᠣᠷᠬᠠᠭᠰᠠᠨ ᠪᠦᠬᠦ ᠡᠳᠦᠷ ᠤᠳ ᠢᠶᠠᠷ ᠬᠥᠳᠡᠯᠮᠦᠷᠢᠯᠡᠨ ᠠᠮᠢᠳᠤᠷᠠᠬᠤ ᠳᠤᠨᠢ ᠲᠡᠷᠡ ᠪᠠᠶᠠᠷ ᠲᠡᠭᠦᠨ ᠲᠡᠢ ᠬᠠᠮᠲᠤ ᠪᠠᠢᠭ᠃ 16 ᠪᠢ ᠮᠡᠷᠭᠡᠨ ᠤᠬᠠᠭᠠᠨ ᠢ ᠣᠯᠬᠤ ᠭᠡᠵᠦ᠂ ᠭᠠᠵᠠᠷ ᠳᠡᠭᠡᠷ᠎ᠡ ᠡᠳᠦᠷ ᠴᠤ ᠰᠥᠨᠢ ᠴᠤ ᠤᠨᠲᠠᠯ ᠦᠭᠡᠢ ᠬᠢᠭᠳᠡᠳᠡᠭ ᠬᠥᠮᠦᠨ ᠦ ᠦᠢᠯᠡ ᠶᠢ ᠦᠵᠡᠬᠦ ᠭᠡᠵᠦ ᠰᠡᠳᠬᠢᠯ ᠢᠶᠠᠨ ᠴᠢᠭᠯᠡᠭᠦᠯᠪᠡ᠃ 17 ᠲᠡᠢᠨ ᠬᠦ ᠪᠢ ᠪᠤᠷᠬᠠᠨ ᠤ ᠶᠠᠩᠵᠤ ᠪᠦᠷᠢ ᠶᠢᠨ ᠦᠢᠯᠡ ᠶᠢ ᠰᠢᠨᠵᠢᠯᠡᠵᠦ ᠦᠵᠡᠪᠡ᠂ ᠲᠡᠭᠦᠨ ᠦ ᠨᠠᠷᠠᠨ ᠤ ᠳᠣᠣᠷ᠎ᠠ ᠦᠢᠯᠡᠳᠳᠡᠭ ᠦᠢᠯᠡ ᠶᠢ ᠬᠥᠮᠦᠨ ᠣᠢᠯᠠᠭᠠᠬᠤ ᠠᠷᠭ᠎ᠠ ᠦᠭᠡᠢ᠃ ᠬᠥᠮᠦᠨ ᠰᠢᠮᠳᠠᠨ ᠬᠠᠢᠭᠠᠳ ᠴᠤ ᠣᠯᠬᠤ ᠦᠭᠡᠢ᠃ ᠬᠡᠳᠦᠢᠪᠡᠷ ᠮᠡᠷᠭᠡᠨ ᠬᠥᠮᠦᠨ᠄ 《ᠪᠢ ᠮᠡᠳᠡᠨ᠎ᠡ》 ᠭᠡᠳᠡᠭ ᠴᠤ ᠣᠯᠵᠤ ᠦᠯᠦ ᠴᠢᠳᠠᠨ᠎ᠠ᠃