ᠶᠣᠪ ᠬᠣᠶᠠᠷ
ᠰᠠᠲ᠋ᠠᠨ ᠶᠣᠪ ᠢ ᠬᠣᠶᠠᠳᠠᠬᠢ ᠤᠳᠠᠭ᠎ᠠ ᠲᠡᠩᠰᠡᠪᠡ
1 ᠨᠢᠭᠡᠨ ᠡᠳᠦᠷ ᠪᠤᠷᠬᠠᠨ ᠤ ᠬᠥᠪᠡᠭᠦᠳ ᠢᠷᠡᠵᠦ ᠶᠣᠬᠣᠸᠠ ᠳᠤ ᠪᠠᠷᠠᠭᠠᠯᠬᠠᠬᠤ ᠳᠤ᠂ ᠰᠠᠲ᠋ᠠᠨ ᠴᠤ ᠲᠡᠳᠡᠨ ᠦ ᠳᠤᠮᠳᠠ ᠢᠷᠡᠪᠡ᠃ 2 ᠶᠣᠬᠣᠸᠠ ᠰᠠᠲ᠋ᠠᠨ ᠳᠤ᠄ 《ᠴᠢ ᠬᠠᠮᠢᠭ᠎ᠠ ᠠᠴᠠ ᠢᠷᠡᠪᠡ︖》 ᠭᠡᠬᠦ ᠳᠦ᠂ ᠰᠠᠲ᠋ᠠᠨ ᠶᠣᠬᠣᠸᠠ ᠳᠤ ᠬᠠᠷᠢᠭᠤᠯᠤᠨ᠄ 《ᠪᠢ ᠭᠠᠵᠠᠷ ᠢᠶᠠᠷ ᠡᠰᠢ ᠲᠡᠰᠢ ᠡᠨᠡᠭᠦᠷ ᠲᠡᠷᠡᠭᠦᠷ ᠶᠠᠪᠤᠭᠰᠠᠭᠠᠷ ᠢᠷᠡᠯ᠎ᠡ》 ᠭᠡᠪᠡ᠃ 3 ᠶᠣᠬᠣᠸᠠ ᠰᠠᠲ᠋ᠠᠨ ᠳᠤ᠄ 《ᠴᠢ ᠮᠢᠨᠦ ᠵᠠᠷᠤᠴᠠ ᠶᠣᠪ ᠢ ᠠᠩ᠋ᠬᠠᠷᠪᠠ ᠤᠤ︖ ᠭᠠᠵᠠᠷ ᠳᠡᠭᠡᠷ᠎ᠡ ᠲᠡᠭᠦᠨ ᠰᠢᠭ ᠥ ᠦᠭᠡᠢ᠂ ᠰᠢᠳᠤᠷᠭᠤ᠂ ᠪᠤᠷᠬᠠᠨ ᠠᠴᠠ ᠡᠮᠢᠶᠡᠵᠦ᠂ ᠪᠤᠵᠠᠷ ᠠᠴᠠ ᠵᠠᠢᠯᠠᠳᠠᠭ ᠬᠥᠮᠦᠨ ᠠᠯᠠᠭ᠎ᠠ᠃ ᠴᠢ ᠨᠠᠮᠠᠶᠢ ᠥᠳᠥᠭᠡᠨ ᠰᠢᠯᠲᠠᠭᠠᠨ ᠦᠭᠡᠢ ᠪᠠᠷ ᠲᠡᠭᠦᠨ ᠢ ᠵᠠᠯᠭᠢᠬᠤ ᠭᠡᠰᠡᠨ ᠪᠣᠯᠪᠠᠴᠤ ᠲᠡᠷᠡ ᠭᠡᠮ ᠵᠢᠮ ᠦᠭᠡᠢ ᠪᠠᠢᠳᠠᠯ ᠢᠶᠠᠨ ᠪᠠᠷᠢᠮᠲᠠᠯᠠᠭᠰᠠᠭᠠᠷ ᠪᠠᠢᠨ᠎ᠠ》 ᠭᠡᠪᠡ᠃ 4 ᠰᠠᠲ᠋ᠠᠨ ᠶᠣᠬᠣᠸᠠ ᠳᠤ ᠬᠠᠷᠢᠭᠤᠯᠤᠨ᠄ 《ᠬᠥᠮᠦᠨ ᠠᠷᠠᠰᠤᠨ ᠤ ᠪᠠᠨ ᠲᠥᠯᠥᠭᠡ ᠠᠷᠠᠰᠤ ᠶᠢ᠂ ᠠᠮᠢ ᠶᠢᠨ ᠢᠶᠠᠨ ᠲᠥᠯᠥᠭᠡ ᠥᠪᠡᠷ ᠲᠡᠭᠡᠨ ᠪᠠᠢᠭ᠎ᠠ ᠪᠦᠬᠦᠨ ᠢ ᠵᠣᠷᠢᠭᠤᠯᠤᠨ᠎ᠠ᠂ 5 ᠣᠳᠣ ᠲᠠ ᠭᠠᠷ ᠢᠶᠠᠨ ᠰᠤᠩ᠋ᠭᠠᠵᠤ᠂ ᠲᠡᠭᠦᠨ ᠦ ᠶᠠᠰᠤ᠂ ᠮᠢᠬ᠎ᠠ ᠶᠢ ᠴᠣᠬᠢᠵᠤ ᠦᠵᠡ᠃ ᠲᠡᠷᠡ ᠯᠠᠪᠲᠠᠢ ᠲᠠᠨ ᠢ ᠨᠢᠭᠤᠷ ᠳᠡᠭᠡᠷ᠎ᠡ ᠴᠢᠨᠢ ᠬᠠᠷᠢᠶᠠᠬᠤ ᠪᠣᠯᠣᠨ᠎ᠠ》 ᠭᠡᠬᠦ ᠳᠦ᠂ 6 ᠶᠣᠬᠣᠸᠠ ᠰᠠᠲ᠋ᠠᠨ ᠳᠤ᠄ 《ᠵᠠ᠂ ᠲᠡᠭᠦᠨ ᠢ ᠪᠢ ᠴᠢᠨᠦ ᠭᠠᠷ ᠲᠤ ᠲᠤᠰᠢᠶᠠᠶ᠎ᠠ᠂ ᠬᠠᠷᠢᠨ ᠴᠢ ᠲᠡᠭᠦᠨ ᠦ ᠠᠮᠢᠨ ᠳᠤ ᠬᠦᠷᠴᠦ ᠪᠣᠯᠬᠤ ᠦᠭᠡᠢ》 ᠭᠡᠪᠡ᠃
7 ᠲᠡᠭᠡᠭᠡᠳ ᠰᠠᠲ᠋ᠠᠨ ᠶᠣᠬᠣᠸᠠ ᠶᠢᠨ ᠣᠷᠣᠰᠢᠬᠤᠢ ᠠᠴᠠ ᠭᠠᠷᠴᠤ᠂ ᠶᠣᠪ ᠢ ᠴᠣᠬᠢᠨ ᠬᠥᠯ ᠦᠨ ᠬᠢᠨᠢ ᠤᠯᠠ ᠠᠴᠠ ᠲᠣᠯᠣᠭᠠᠢ ᠶᠢᠨ ᠬᠢᠨᠢ ᠣᠷᠣᠢ ᠬᠦᠷᠲᠡᠯ᠎ᠡ ᠬᠣᠣᠷᠲᠤ ᠬᠠᠲᠠᠭᠢ ᠪᠠᠷ ᠴᠣᠬᠢᠭᠰᠠᠨ ᠳᠤ᠂ 8 ᠶᠣᠪ ᠦᠨᠡᠰᠦ ᠨᠤᠷᠮᠠᠨ ᠳᠤᠮᠳᠠ ᠰᠠᠭᠤᠨ ᠸᠠᠭᠠᠷ ᠤᠨ ᠬᠡᠯᠲᠡᠷᠬᠡᠢ ᠠᠪᠴᠤ ᠪᠡᠶ᠎ᠡ ᠪᠡᠨ ᠮᠠᠭᠠᠵᠢᠳᠠᠭ ᠪᠣᠯᠪᠠ᠃
9 ᠲᠡᠭᠦᠨ ᠦ ᠡᠬᠡᠨᠡᠷ᠄ 《ᠴᠢ ᠭᠡᠮ ᠵᠢᠮ ᠦᠭᠡᠢ ᠪᠠᠢᠳᠠᠯ ᠢᠶᠠᠨ ᠪᠠᠷᠢᠮᠲᠠᠯᠠᠭᠰᠠᠭᠠᠷ ᠪᠠᠢᠨ᠎ᠠ ᠤᠤ︖ ᠪᠤᠷᠬᠠᠨ ᠢ ᠬᠠᠷᠢᠶᠠᠭᠠᠳ ᠦᠬᠦ》 ᠭᠡᠪᠡ᠃ 10 ᠬᠠᠷᠢᠨ ᠶᠣᠪ᠄ 《ᠴᠢ ᠮᠤᠩ᠋ᠬᠠᠭ ᠡᠮ᠎ᠡ ᠰᠢᠭ ᠶᠠᠷᠢᠵᠤ ᠪᠠᠢᠨ᠎ᠠ᠂ ᠪᠢᠳᠡ ᠪᠤᠷᠬᠠᠨ ᠠᠴᠠ ᠰᠠᠢᠨ ᠢ ᠯᠠ ᠠᠪᠤᠭᠠᠳ ᠮᠠᠭᠤ ᠶᠢ ᠠᠪᠬᠤ ᠦᠭᠡᠢ ᠭᠡᠵᠢ ᠤᠤ︖》 ᠭᠡᠯᠡ᠃ ᠡᠳᠡᠭᠡᠷ ᠪᠦᠬᠦᠨ ᠳᠦ ᠶᠣᠪ ᠣᠷᠣᠭᠤᠯ ᠢᠶᠠᠷ ᠢᠶᠠᠨ ᠨᠢᠭᠦᠯ ᠬᠢᠭᠰᠡᠨ ᠦᠭᠡᠢ᠃
ᠶᠣᠪ ᠤᠨ ᠭᠤᠷᠪᠠᠨ ᠨᠠᠢᠵᠢ ᠢᠷᠡᠪᠡ
11 ᠶᠣᠪ ᠲᠤ ᠲᠣᠬᠢᠶᠠᠯᠳᠤᠭᠰᠠᠨ ᠡᠨᠡ ᠪᠦᠬᠦ ᠵᠣᠪᠠᠯᠠᠩ ᠤᠨ ᠲᠠᠯ᠎ᠠ ᠪᠠᠷ ᠲᠡᠭᠦᠨ ᠦ ᠭᠤᠷᠪᠠᠨ ᠨᠠᠢᠵᠢ ᠲᠧᠮᠠᠨ ᠬᠥᠮᠦᠨ ᠡᠯᠢᠹᠠᠽ᠂ ᠱᠦᠾ ᠬᠥᠮᠦᠨ ᠪᠢᠯᠳᠠᠳ᠋᠂ ᠨᠠᠮ᠎ᠠ ᠬᠥᠮᠦᠨ ᠽᠣᠹᠠᠷ ᠰᠣᠨᠣᠰᠣᠭᠠᠳ ᠥᠪᠡᠷ ᠥᠪᠡᠷ ᠦᠨ ᠭᠠᠵᠠᠷ ᠠᠴᠠ ᠪᠠᠨ ᠢᠷᠡᠪᠡ᠃ ᠲᠡᠳᠡ ᠲᠡᠭᠦᠨ ᠳᠡᠭᠡᠷ᠎ᠡ ᠣᠴᠢᠵᠤ ᠬᠠᠮᠲᠤ ᠭᠠᠰᠢᠭᠤᠳᠠᠨ᠂ ᠲᠡᠭᠦᠨ ᠢ ᠲᠠᠢᠪᠤᠰᠢᠷᠠᠭᠤᠯᠬᠤ ᠪᠠᠷ ᠬᠣᠭᠣᠷᠣᠨᠳᠣ ᠪᠠᠨ ᠪᠣᠯᠵᠣᠭᠰᠠᠨ ᠪᠠᠢᠪᠠ᠃ 12 ᠲᠡᠳᠡ ᠬᠣᠯᠠ ᠠᠴᠠ ᠨᠢᠳᠦ ᠪᠡᠨ ᠡᠷᠭᠦᠨ ᠬᠠᠷᠠᠬᠤ ᠳᠠᠭᠠᠨ᠂ ᠲᠡᠭᠦᠨ ᠢ ᠲᠠᠨᠢᠵᠤ ᠶᠠᠳᠠᠭᠰᠠᠨ ᠢᠶᠠᠷ ᠳᠠᠭᠤ ᠪᠠᠨ ᠥᠨᠳᠥᠷᠰᠡᠭᠡᠨ ᠤᠬᠢᠯᠠᠯᠳᠤᠪᠠ᠃ ᠲᠡᠳᠡᠨ ᠦ ᠬᠥᠮᠦᠨ ᠪᠦᠷᠢ ᠳᠡᠪᠡᠯ ᠢᠶᠡᠨ ᠤᠷᠠᠨ᠂ ᠲᠣᠯᠣᠭᠠᠢ ᠳᠡᠭᠡᠭᠦᠷ ᠢᠶᠡᠨ ᠲᠩᠷᠢ ᠥᠭᠡᠳᠡ ᠰᠢᠷᠣᠢ ᠰᠠᠴᠤᠪᠠ᠃ 13 ᠲᠡᠳᠡ ᠳᠣᠯᠣᠭᠠᠨ ᠡᠳᠦᠷ ᠳᠣᠯᠣᠭᠠᠨ ᠰᠥᠨᠢ ᠲᠡᠭᠦᠨ ᠲᠡᠢ ᠬᠠᠮᠲᠤ ᠭᠠᠵᠠᠷ ᠲᠤ ᠰᠠᠭᠤᠵᠠᠭᠠᠪᠠ᠃ ᠲᠡᠭᠦᠨ ᠦ ᠵᠣᠪᠠᠯᠠᠩ ᠮᠠᠰᠢ ᠬᠦᠨᠳᠦ ᠪᠠᠢᠭ᠎ᠠ ᠶᠢ ᠬᠠᠷᠠᠭᠠᠳ ᠬᠡᠨ ᠨᠢ ᠴᠤ ᠲᠡᠭᠦᠨ ᠲᠡᠢ ᠦᠭᠡ ᠶᠠᠷᠢᠭᠰᠠᠨ ᠦᠭᠡᠢ᠃