ᠶᠣᠪ ᠭᠤᠴᠢᠨ ᠨᠠᠢ᠌ᠮᠠ
ᠶᠣᠬᠣᠸᠠ ᠶᠢᠨ ᠶᠠᠷᠢᠶ᠎ᠠ
1 ᠲᠡᠭᠡᠲᠡᠯ᠎ᠡ ᠶᠣᠬᠣᠸᠠ ᠰᠢᠭᠤᠷᠭᠠᠨ ᠳᠤᠮᠳᠠ ᠠᠴᠠ ᠶᠣᠪ ᠲᠤ ᠬᠠᠷᠢᠭᠤᠯᠤᠨ᠄
2 《ᠮᠡᠳᠡᠯᠭᠡ ᠦᠭᠡᠢ ᠦᠭᠡᠰ ᠢᠶᠡᠷ ᠢᠶᠠᠨ ᠵᠣᠷᠢᠯᠭ᠎ᠠ ᠶᠢ ᠮᠢᠨᠢ ᠪᠦᠳᠡᠭᠢᠷᠡᠭᠦᠯᠵᠦ ᠪᠠᠢᠭ᠎ᠠ ᠡᠨᠡ ᠬᠡᠨ ᠪᠤᠢ︖
3 ᠴᠢ ᠡᠷ᠎ᠡ ᠬᠥᠮᠦᠨ ᠰᠢᠭ ᠪᠦᠰᠡ ᠪᠡᠨ ᠴᠢᠩ᠋ᠭᠠᠯᠠᠵᠤ ᠠᠰᠠᠭᠤᠯᠲᠠ ᠳᠤ ᠮᠢᠨᠢ ᠬᠠᠷᠢᠭᠤ ᠥᠭ᠂
4 ᠳᠡᠯᠡᠬᠡᠢ ᠶᠢᠨ ᠰᠠᠭᠤᠷᠢ ᠶᠢ ᠲᠠᠯᠪᠢᠬᠤ ᠳᠤ ᠮᠢᠨᠢ ᠴᠢ ᠬᠠᠮᠢᠭ᠎ᠠ ᠪᠠᠢᠪᠠ︖ ᠮᠡᠳᠡᠳᠡᠭ ᠶᠤᠮ ᠪᠣᠯ ᠨᠠᠳᠠ ᠳᠤ ᠬᠡᠯᠡᠭᠡᠷᠡᠢ᠂
5 ᠬᠡᠮᠵᠢᠶ᠎ᠡ ᠬᠢᠵᠠᠭᠠᠷ ᠢ ᠨᠢ ᠬᠡᠨ ᠲᠣᠭᠲᠠᠭᠠᠪᠠ︖ ᠴᠢ ᠯᠠᠪ ᠮᠡᠳᠡᠨ᠎ᠡ︕ ᠬᠡᠨ ᠲᠡᠭᠦᠨ ᠦ ᠳᠡᠭᠡᠷ᠎ᠡ ᠵᠢᠷᠤᠭᠠᠰᠤ ᠲᠠᠲᠠᠪᠠ︖
6 ᠰᠠᠭᠤᠷᠢ ᠨᠤᠭᠤᠳ ᠨᠢ ᠶᠠᠭᠤᠨ ᠳᠡᠭᠡᠷ᠎ᠡ ᠲᠣᠭᠲᠠᠪᠠ︖ ᠲᠤᠯᠭᠠᠭᠤᠷᠢ ᠴᠢᠯᠠᠭᠤ ᠶᠢ ᠨᠢ ᠬᠡᠨ ᠲᠠᠯᠪᠢᠪᠠ︖
7 ᠲᠡᠷᠡ ᠦᠶ᠎ᠡ ᠳᠦ ᠦᠷ ᠦᠨ ᠣᠳᠣᠳ ᠳᠠᠭᠤᠯᠠᠵᠠᠭᠠᠵᠤ ᠪᠤᠷᠬᠠᠨ ᠤ ᠬᠥᠪᠡᠭᠦᠳ ᠪᠦᠭᠦᠳᠡ ᠪᠠᠶᠠᠷᠯᠠᠯᠳᠤᠨ ᠤᠤᠬᠠᠢᠯᠠᠭᠰᠠᠨ᠃
8 ᠳᠠᠯᠠᠢ ᠬᠡᠪᠡᠯᠢ ᠡᠴᠡ ᠪᠡᠨ ᠣᠷᠭᠢᠯᠣᠨ ᠭᠠᠷᠬᠤ ᠳᠤ ᠬᠡᠨ ᠲᠡᠭᠦᠨ ᠢ ᠬᠠᠭᠠᠯᠭ᠎ᠠ ᠪᠠᠷ ᠬᠠᠭᠠᠪᠠ︖
9 ᠡᠭᠦᠯᠡ ᠶᠢ ᠲᠡᠭᠦᠨ ᠳᠦ ᠨᠥᠮᠥᠷᠭᠡᠵᠦ ᠲᠦᠨᠡᠷ ᠬᠠᠷᠠᠩ᠋ᠭᠤᠢ ᠪᠠᠷ ᠥᠯᠥᠭᠡᠶᠢᠳᠡᠨ
10 ᠲᠡᠭᠦᠨ ᠳᠦ ᠬᠢᠯᠢ ᠲᠣᠭᠲᠠᠭᠠᠨ ᠬᠠᠭᠠᠯᠭ᠎ᠠ ᠲᠦᠭᠵᠢᠶ᠎ᠡ ᠶᠢ ᠨᠢ ᠲᠠᠯᠪᠢᠵᠤ
11 〈ᠴᠢ ᠡ᠊ᠨᠳᠡ ᠬᠦᠷᠲᠡᠯ᠎ᠡ ᠢᠷ᠎ᠡ ᠡ᠊ᠨᠳᠡ ᠡᠴᠡ ᠴᠢᠨᠠᠭᠰᠢᠯᠠᠵᠤ ᠪᠣᠯᠬᠤ ᠦᠭᠡᠢ ᠣᠮᠣᠭᠯᠠᠩ ᠳᠠᠪᠠᠯᠭᠠᠨ ᠨᠤᠭᠤᠳ ᠴᠢᠨᠢ ᠡ᠊ᠨᠳᠡ ᠵᠣᠭᠰᠣᠭ〉 ᠭᠡᠵᠦ ᠪᠢ ᠠᠢᠯᠠᠳᠤᠭᠰᠠᠨ ᠪᠢᠯᠡ᠃
12 ᠡᠳᠦᠷ ᠤᠳ ᠴᠢᠨᠢ ᠡᠬᠢᠯᠡᠭᠰᠡᠨ ᠡᠴᠡ ᠬᠣᠢᠰᠢ ᠥᠷᠯᠥᠭᠡ ᠳᠦ ᠴᠢ ᠲᠤᠰᠢᠶᠠᠨ ᠦᠷ ᠬᠠᠮᠢᠭ᠎ᠠ ᠴᠠᠢᠬᠤ ᠶᠢ ᠮᠡᠳᠡᠭᠦᠯᠵᠦ ᠪᠠᠢᠪᠠ ᠤᠤ︖
13 ᠢᠩᠭᠢᠭᠡᠳ ᠭᠡᠷᠡᠯ ᠨᠢ ᠭᠠᠵᠠᠷ ᠤᠨ ᠬᠢᠵᠠᠭᠠᠷ ᠠᠴᠠ ᠵᠢᠭᠤᠷᠠᠵᠤ ᠭᠡᠮᠲᠦ ᠬᠥᠮᠦᠰ ᠢ ᠲᠡᠨᠳᠡ ᠡᠴᠡ ᠰᠡᠭᠰᠦᠷᠴᠦ ᠭᠠᠷᠭᠠᠵᠤ ᠪᠠᠢᠭᠰᠠᠨ ᠤᠤ︖
14 ᠦᠷ ᠴᠠᠢᠬᠤ ᠳᠤ ᠭᠠᠵᠠᠷ ᠨᠢ ᠲᠠᠮᠠᠭ᠎ᠠ ᠳᠠᠷᠤᠭᠤᠯᠤᠭᠰᠠᠨ ᠰᠢᠪᠠᠷ ᠰᠢᠭ᠋ ᠬᠡᠯᠪᠡᠷᠢᠵᠢᠵᠦ ᠬᠤᠪᠴᠠᠰᠤ ᠮᠡᠲᠦ ᠥᠩᠭᠡ ᠲᠠᠢ ᠪᠣᠯᠣᠨ᠎ᠠ
15 ᠲᠡᠷᠡ ᠭᠡᠷᠡᠯ ᠢ ᠴᠢ ᠪᠤᠷᠤᠭᠤᠲᠠᠳ ᠠᠴᠠ ᠬᠠᠭᠠᠵᠤ ᠳᠠᠯᠠᠢᠭᠰᠠᠨ ᠭᠠᠷ ᠢ ᠨᠢ ᠨᠢᠴᠠᠯᠵᠤ ᠪᠠᠢᠭᠰᠠᠨ ᠤᠤ︖
16 ᠴᠢ ᠳᠠᠯᠠᠢ ᠶᠢᠨ ᠡᠬᠢ ᠤᠨᠳᠤᠷᠤᠭ᠎ᠠ ᠳᠤ ᠣᠴᠢᠵᠤ ᠪᠠᠢᠭᠰᠠᠨ ᠤᠤ︖ ᠭᠦᠨ ᠳᠠᠯᠠᠢ ᠶᠢᠨ ᠬᠣᠩ᠋ᠬᠣᠷ ᠤᠳ ᠢᠶᠠᠷ ᠠᠯᠬᠤᠵᠤ ᠪᠠᠢᠭᠰᠠᠨ ᠤᠤ︖
17 ᠦᠬᠦᠯ ᠦᠨ ᠡᠭᠦᠳᠡ ᠨᠦᠭᠦᠳ ᠴᠢᠮ᠎ᠠ ᠳᠤ ᠢᠯᠡᠷᠡᠵᠦ ᠪᠠᠢᠭᠰᠠᠨ ᠤᠤ︖ ᠦᠬᠦᠭᠰᠡᠳ ᠦᠨ ᠣᠷᠣᠨ ᠤ ᠰᠡᠭᠦᠳᠡᠷᠲᠦ ᠡᠭᠦᠳᠡ ᠶᠢ ᠴᠢ ᠬᠠᠷᠠᠵᠤ ᠪᠠᠢᠪᠠ ᠤᠤ︖
18 ᠶᠢᠷᠲᠢᠨᠴᠦ ᠬᠡᠴᠢᠨᠡᠨ ᠠᠭᠤᠳᠠᠮ ᠭᠡᠳᠡᠭ ᠢ ᠴᠢ ᠮᠡᠳᠡᠬᠦ ᠤᠤ︖ ᠡᠨᠡ ᠪᠦᠭᠦᠳᠡ ᠶᠢ ᠮᠡᠳᠡᠳᠡᠭ ᠪᠣᠯ ᠬᠡᠯᠡᠭᠡᠷᠡᠢ᠃
19 ᠭᠡᠷᠡᠯ ᠦᠨ ᠣᠷᠣᠰᠢᠬᠤ ᠭᠠᠵᠠᠷ ᠲᠤ ᠬᠦᠷᠬᠦ ᠵᠠᠮ ᠬᠠᠮᠢᠭ᠎ᠠ ᠪᠠᠢᠨ᠎ᠠ︖ ᠬᠠᠷᠠᠩ᠋ᠭᠤᠢ ᠶᠢᠨ ᠣᠷᠣᠨ ᠬᠠᠮᠢᠭ᠎ᠠ ᠪᠠᠢᠨ᠎ᠠ︖
20 ᠲᠡᠳᠡᠭᠡᠷ ᠢ ᠴᠢ ᠣᠷᠣᠨ ᠭᠠᠵᠠᠷ ᠲᠤᠨᠢ ᠠᠪᠠᠴᠢᠵᠤ ᠴᠢᠳᠠᠬᠤ ᠤᠤ︖ ᠲᠡᠳᠡᠨ ᠦ ᠭᠡᠷ ᠲᠦ ᠬᠦᠷᠬᠦ ᠵᠠᠮ ᠢ ᠴᠢ ᠮᠡᠳᠡᠬᠦ ᠤᠤ︖
21 ᠴᠢ ᠬᠡᠳᠦᠢᠨᠡᠢ ᠲᠥᠷᠥᠭᠡᠳ ᠪᠠᠢᠭᠰᠠᠨ ᠶᠤᠮ ᠤᠤ︖ ᠡᠳᠦᠷ ᠤᠳ ᠤᠨ ᠴᠢᠨᠢ ᠲᠣᠭ᠎ᠠ ᠴᠥᠭᠡᠨ ᠦᠭᠡᠢ ᠤᠴᠢᠷ ᠠᠴᠠ ᠴᠢ ᠮᠡᠳᠡᠬᠦ ᠪᠠᠢᠬ᠎ᠠ᠂
22 ᠴᠢ ᠴᠠᠰᠤᠨ ᠤ ᠬᠥᠮᠥᠷᠭᠡ ᠳᠦ ᠣᠷᠣᠵᠤ ᠦᠵᠡᠭᠰᠡᠨ ᠤᠤ︖ ᠮᠥᠨᠳᠥᠷ ᠦᠨ ᠬᠥᠮᠥᠷᠭᠡ ᠶᠢ ᠬᠠᠷᠠᠭᠰᠠᠨ ᠤᠤ︖
23 ᠲᠡᠳᠡᠭᠡᠷ ᠢ ᠪᠢ ᠭᠠᠮᠰᠢᠭ ᠤᠨ ᠴᠠᠭ ᠤᠨ ᠲᠥᠯᠥᠭᠡ ᠳᠠᠢᠨ ᠲᠤᠯᠤᠯᠳᠤᠭᠠᠨ ᠤ ᠡᠳᠦᠷ ᠦᠨ ᠲᠥᠯᠥᠭᠡ ᠨᠥᠭᠡᠴᠡᠯᠡᠭᠰᠡᠨ ᠪᠢᠯᠡ᠂
24 ᠶᠠᠮᠠᠷ ᠵᠠᠮ ᠢᠶᠠᠷ ᠭᠡᠷᠡᠯ ᠢ ᠲᠦᠭᠡᠭᠡᠵᠦ ᠳᠣᠷᠣᠨ᠎ᠠ ᠶᠢᠨ ᠰᠠᠯᠬᠢ ᠶᠢ ᠭᠠᠵᠠᠷ ᠤᠨ ᠬᠠᠮᠢᠭᠠᠭᠤᠷ ᠲᠠᠷᠬᠠᠭᠠᠳᠠᠭ ᠪᠤᠢ︖
25 ᠠᠭᠠᠳᠠᠷ ᠪᠣᠷᠣᠭᠠᠨ ᠤ ᠮᠥᠷ ᠢ ᠠᠶᠤᠩ᠋ᠭ᠎ᠠ ᠴᠠᠬᠢᠯᠭᠠᠨ ᠤ ᠵᠠᠮ ᠢ ᠬᠡᠨ ᠨᠡᠭᠡᠭᠡᠳᠡᠭ ᠪᠤᠢ︖
26 ᠬᠥᠮᠦᠨ ᠦᠭᠡᠢ ᠭᠠᠵᠠᠷ ᠲᠤ ᠬᠡᠨ ᠴᠤ ᠦᠭᠡᠢ ᠴᠥᠯ ᠳᠤ ᠬᠡᠨ ᠪᠣᠷᠣᠭᠠᠨ ᠣᠷᠣᠭᠤᠯᠤᠨ
27 ᠵᠡᠯᠢᠭᠦᠳ ᠴᠥᠯ ᠭᠠᠵᠠᠷ ᠢ ᠨᠣᠷᠭᠠᠵᠤ ᠵᠥᠭᠡᠯᠡᠨ ᠡᠪᠡᠰᠦ ᠶᠢ ᠤᠷᠭᠤᠭᠤᠯᠳᠠᠭ ᠪᠤᠢ︖
28 ᠪᠣᠷᠣᠭᠠᠨ ᠳᠤ ᠡᠴᠢᠭᠡ ᠪᠤᠢ ᠤᠤ︖ ᠬᠡᠨ ᠰᠢᠭᠦᠳᠡᠷᠢ ᠶᠢᠨ ᠳᠤᠰᠤᠯ ᠤᠳ ᠢ ᠲᠥᠷᠥᠭᠦᠯᠪᠡ︖
29 ᠬᠡᠨ ᠦ ᠬᠡᠪᠡᠯᠢ ᠡᠴᠡ ᠮᠥᠰᠥ ᠭᠠᠷᠤᠭᠰᠠᠨ ᠪᠤᠢ︖ ᠬᠡᠨ ᠲᠩᠷᠢ ᠡᠴᠡ ᠬᠢᠷᠠᠭᠤ ᠲᠥᠷᠥᠭᠦᠯᠦᠭᠡᠳ
30 ᠤᠰᠤ ᠴᠢᠯᠠᠭᠤ ᠰᠢᠭ᠋ ᠬᠠᠲᠠᠭᠤᠷᠠᠵᠤ ᠭᠦᠨ ᠤᠰᠤᠨ ᠤ ᠭᠠᠳᠠᠷᠭᠤ ᠬᠥᠯᠳᠡᠳᠡᠭ ᠪᠣᠯᠪᠠ︖
31 ᠴᠢ ᠮᠡᠴᠢᠳ ᠵᠢᠷᠭᠤᠭ᠎ᠠ ᠶᠢ ᠤᠶᠠᠵᠤ ᠮᠠᠷᠠᠯ ᠭᠤᠷᠪᠠ ᠶᠢᠨ ᠬᠣᠯᠪᠣᠭ᠎ᠠ ᠶᠢ ᠰᠠᠯᠭᠠᠵᠤ ᠴᠢᠳᠠᠬᠤ ᠤᠤ︖
32 ᠴᠢ ᠣᠳᠣᠳ ᠤᠨ ᠪᠦᠬᠦ ᠣᠷᠣᠨ ᠢ ᠤᠯᠠᠷᠢᠯ ᠳᠤᠨᠢ ᠠᠪᠴᠢᠷᠠᠵᠤ ᠴᠢᠳᠠᠬᠤ ᠤᠤ︖ ᠳᠣᠬᠢᠭᠤᠷ ᠳᠣᠯᠣᠭ᠎ᠠ ᠶᠢ ᠳᠠᠭᠠᠭᠤᠯᠢ ᠨᠤᠭᠤᠳ ᠲᠠᠢ ᠨᠢ ᠬᠠᠮᠲᠤ ᠵᠠᠯᠠᠵᠤ ᠴᠢᠳᠠᠬᠤ ᠤᠤ︖
33 ᠴᠢ ᠲᠩᠷᠢ ᠶᠢᠨ ᠵᠢᠮ᠎ᠡ ᠶᠣᠰᠣ ᠶᠢ ᠮᠡᠳᠡᠬᠦ ᠤᠤ︖ ᠲᠡᠭᠦᠨ ᠦ ᠨᠣᠶᠠᠷᠬᠠᠯ ᠢ ᠭᠠᠵᠠᠷ ᠳᠡᠭᠡᠷ᠎ᠡ ᠲᠣᠭᠲᠠᠭᠠᠵᠤ ᠴᠢᠳᠠᠬᠤ ᠤᠤ︖
34 ᠡᠭᠦᠯᠡᠨ ᠳᠦ ᠴᠢ ᠳᠠᠭᠤ ᠪᠠᠨ ᠡᠷᠭᠦᠵᠦ ᠥᠪᠡᠷ ᠢ ᠪᠠᠨ ᠶᠡᠬᠡ ᠤᠰᠤ ᠪᠠᠷ ᠪᠦᠷᠬᠦᠭᠦᠯᠵᠦ ᠴᠢᠳᠠᠬᠤ ᠤᠤ︖
35 ᠭᠢᠯᠪᠢᠭᠡᠨ ᠢ ᠴᠢ ᠢᠯᠡᠭᠡᠵᠦ ᠴᠢᠳᠠᠬᠤ ᠤᠤ︖ ᠲᠡᠷᠡ ᠴᠢᠮ᠎ᠠ ᠳᠤ 〈ᠪᠢ ᠪᠡᠯᠡᠨ ᠪᠠᠢᠨ᠎ᠠ〉 ᠭᠡᠳ ᠭᠠᠷᠴᠤ ᠶᠠᠪᠤᠵᠤ ᠪᠠᠢᠭᠰᠠᠨ ᠤᠤ︖
36 ᠰᠠᠨᠠᠭᠠᠨ ᠳᠤ ᠬᠡᠨ ᠮᠡᠷᠭᠡᠨ ᠤᠬᠠᠭᠠᠨ ᠢ ᠣᠷᠣᠭᠤᠯᠳᠠᠭ ᠪᠤᠢ︖ ᠰᠡᠳᠬᠢᠯ ᠳᠤ ᠬᠡᠨ ᠤᠬᠠᠭᠠᠷᠠᠯ ᠢ ᠣᠯᠭᠣᠳᠠᠭ ᠪᠤᠢ︖
37 ᠬᠡᠨ ᠮᠡᠷᠭᠡᠨ ᠤᠬᠠᠭᠠᠨ ᠢᠶᠠᠷ ᠡᠭᠦᠯᠡᠰ ᠢ ᠲᠣᠭᠠᠯᠠᠵᠤ ᠴᠢᠳᠠᠬᠤ ᠪᠤᠢ︖ ᠬᠡᠨ ᠲᠩᠷᠢ ᠶᠢᠨ ᠤᠰᠤᠨ ᠤ ᠲᠤᠯᠤᠮ ᠤᠳ ᠢ ᠲᠣᠩ᠋ᠭᠣᠢᠯᠭᠠᠵᠤ᠂
38 ᠰᠢᠷᠣᠢ ᠲᠣᠭᠣᠰᠣ ᠶᠢ ᠰᠢᠪᠠᠷ ᠪᠣᠯᠭᠠᠨ ᠭᠠᠵᠠᠷ ᠤᠨ ᠠᠩ ᠢ ᠪᠥᠭᠯᠡᠵᠦ ᠴᠢᠳᠠᠬᠤ ᠪᠤᠢ︖
39 ᠴᠢ ᠠᠷᠰᠯᠠᠨ ᠤ ᠲᠥᠯᠥᠭᠡ ᠠᠩ ᠠᠩᠨᠠᠵᠤ ᠵᠠᠯᠠᠭᠤ ᠠᠷᠰᠯᠠᠨ ᠤ ᠥᠯ ᠢ ᠳᠠᠷᠤᠵᠤ ᠴᠢᠳᠠᠬᠤ ᠤᠤ︖
40 ᠲᠡᠳᠡ ᠨᠦᠬᠡᠨ ᠳᠡᠭᠡᠨ ᠨᠢᠭᠤᠭᠳᠠᠵᠤ ᠣᠢ ᠳᠤ ᠣᠲᠣᠵᠤ ᠪᠠᠢᠬᠤ ᠳᠤᠨᠢ ᠲᠡᠭᠡᠵᠦ ᠴᠢᠳᠠᠬᠤ ᠤᠤ︖
41 ᠬᠡᠷᠢᠶᠡᠨ ᠦ ᠵᠤᠯᠵᠠᠭ᠎ᠠ ᠪᠤᠷᠬᠠᠨ ᠤᠷᠤᠭᠤ ᠬᠠᠰᠬᠢᠷᠤᠨ ᠢᠳᠡᠰᠢ ᠦᠭᠡᠢ ᠲᠡᠨᠦᠵᠦ ᠪᠠᠢᠬᠤ ᠳᠤ ᠬᠡᠨ ᠬᠦᠨᠡᠰᠦ ᠬᠣᠭᠣᠯᠠ ᠶᠢ ᠨᠢ ᠬᠠᠩ᠋ᠭᠠᠨ᠎ᠠ ᠪᠤᠢ︖