ᠶᠣᠪ ᠠᠷᠪᠠᠨ ᠨᠢᠭᠡ
ᠽᠣᠹᠠᠷ ᠤᠨ ᠶᠠᠷᠢᠶ᠎ᠠ
1 ᠨᠠᠮ᠎ᠠ ᠬᠥᠮᠦᠨ ᠽᠣᠹᠠᠷ ᠬᠠᠷᠢᠭᠤᠯᠤᠨ᠄
2 《ᠡᠨᠡ ᠣᠯᠠᠨ ᠦᠭᠡ ᠶᠢ ᠬᠠᠷᠢᠭᠤᠯᠬᠤ ᠦᠭᠡᠢ ᠥᠩᠭᠡᠷᠡᠬᠦ ᠶᠣᠰᠣᠲᠠᠢ ᠤᠤ︖ ᠡᠢᠮᠦ ᠶᠠᠷᠢᠭᠠᠴᠢ ᠬᠥᠮᠦᠨ ᠢ ᠥᠮᠥᠭᠯᠡᠬᠦ ᠤᠴᠢᠷ ᠲᠠᠢ ᠤᠤ︖
3 ᠪᠠᠷᠳᠠᠮ ᠦᠭᠡᠰ ᠴᠢᠨᠢ ᠪᠤᠰᠤᠳ ᠤᠨ ᠳᠠᠭᠤ ᠶᠢ ᠬᠤᠷᠢᠶᠠᠯᠭᠠᠬᠤ ᠭᠡᠵᠢ ᠤᠤ︖ ᠪᠠᠰᠤᠮᠵᠢᠯᠠᠬᠤ ᠳᠤ ᠴᠢᠨᠢ ᠵᠢᠮᠡᠯᠡᠬᠦ ᠬᠥᠮᠦᠨ ᠠᠯᠠᠭ᠎ᠠ ᠭᠡᠵᠢ ᠤᠤ︖
4 ᠴᠢ ᠪᠤᠷᠬᠠᠨ ᠳᠤ᠄ 〈ᠮᠢᠨᠦ ᠢᠳᠬᠠᠯ ᠥ ᠦᠭᠡᠢ᠂ ᠪᠢ ᠲᠠᠨ ᠤ ᠮᠡᠯᠮᠡᠢ ᠳᠦ ᠴᠡᠪᠡᠷ〉 ᠭᠡᠰᠡᠨ᠂
5 ᠪᠤᠷᠬᠠᠨ ᠠᠮᠠ ᠨᠡᠭᠡᠭᠡᠵᠦ ᠴᠢᠮ᠎ᠠ ᠤᠷᠤᠭᠤ ᠦᠭᠡ ᠭᠠᠷᠭᠠᠨ
6 ᠮᠡᠷᠭᠡᠨ ᠤᠬᠠᠭᠠᠨ ᠤ ᠨᠢᠭᠤᠴᠠ ᠶᠢ ᠴᠢᠮ᠎ᠠ ᠳᠤ ᠦᠵᠡᠭᠦᠯᠬᠦ ᠴᠤ ᠪᠣᠯᠣᠭᠠᠰᠠᠢ ᠵᠥᠪ ᠮᠡᠳᠡᠯᠭᠡ ᠭᠡᠪᠡᠰᠦ ᠬᠣᠶᠠᠷ ᠲᠠᠯ᠎ᠠ ᠲᠠᠢ ᠶᠤᠮ ᠭᠡᠮ ᠪᠤᠷᠤᠭᠤ ᠶᠢᠨ ᠴᠢᠨᠢ ᠵᠠᠷᠢᠮ ᠢ ᠨᠢ ᠪᠤᠷᠬᠠᠨ ᠥᠷᠥᠰᠢᠶᠡᠭᠰᠡᠨ ᠭᠡᠳᠡᠭ ᠢ ᠮᠡᠳᠡᠲᠦᠭᠡᠢ᠃
7 ᠴᠢ ᠪᠤᠷᠬᠠᠨ ᠤ ᠭᠦᠨ ᠢ ᠣᠯᠵᠤ ᠴᠢᠳᠠᠬᠤ ᠤᠤ︖ ᠲᠡᠭᠦᠰ ᠬᠦᠴᠦᠲᠡᠨ ᠦ ᠬᠢᠵᠠᠭᠠᠷ ᠢ ᠣᠯᠵᠤ ᠴᠢᠳᠠᠬᠤ ᠤᠤ︖
8 ᠲᠡᠳᠡᠭᠡᠷ ᠨᠢ ᠲᠩᠷᠢ ᠡᠴᠡ ᠴᠤ ᠥᠨᠳᠥᠷ ᠲᠤᠯᠠ ᠴᠢ ᠶᠠᠭᠤ ᠬᠢᠵᠦ ᠴᠢᠳᠠᠬᠤ ᠶᠤᠮ ᠪᠤᠢ︖ ᠦᠬᠦᠭᠰᠡᠳ ᠦᠨ ᠣᠷᠣᠨ ᠠᠴᠠ ᠴᠤ ᠭᠦᠨ ᠤᠴᠢᠷ ᠴᠢ ᠶᠠᠭᠤ ᠶᠢ ᠮᠡᠳᠡᠬᠦ ᠶᠤᠮ ᠪᠤᠢ︖
9 ᠬᠡᠮᠵᠢᠶ᠎ᠡ ᠨᠢ ᠳᠡᠯᠡᠬᠡᠢ ᠡᠴᠡ ᠴᠤ ᠠᠭᠤᠳᠠᠮ ᠳᠠᠯᠠᠢ ᠠᠴᠠ ᠴᠤ ᠥᠷᠭᠡᠨ ᠪᠢᠯᠡ᠂
10 ᠲᠡᠷᠡ ᠳᠠᠭᠠᠷᠢᠨ ᠥᠩᠭᠡᠷᠡᠵᠦ ᠬᠥᠮᠦᠨ ᠢ ᠬᠣᠷᠢᠨ᠂ ᠰᠢᠭᠦᠯᠲᠡ ᠳᠦ ᠳᠠᠭᠤᠳᠠᠬᠤ ᠭᠡᠰᠡᠨ ᠴᠤ ᠬᠡᠨ ᠬᠣᠷᠢᠭᠯᠠᠵᠤ ᠴᠢᠳᠠᠬᠤ ᠪᠤᠢ︖
11 ᠲᠡᠷᠡ ᠪᠡᠷ ᠪᠠᠴᠢᠲᠤ ᠬᠥᠮᠦᠨ ᠢ ᠯᠠᠪ ᠮᠡᠳᠡᠳᠡᠭ᠂ ᠪᠤᠵᠠᠷ ᠢ ᠬᠠᠷᠠᠭᠰᠠᠨ ᠴᠤ ᠲᠡᠷᠡ ᠠᠩᠵᠠᠭᠠᠷᠠᠳᠠᠭ ᠦᠭᠡᠢ ᠭᠡᠵᠢ ᠤᠤ︖
12 ᠬᠣᠭᠣᠰᠣᠨ ᠲᠣᠯᠣᠭᠠᠢ ᠲᠠᠢ ᠬᠥᠮᠦᠨ ᠳᠦ ᠤᠬᠠᠭᠠᠨ ᠰᠠᠭᠤᠬᠤ ᠨᠢ ᠵᠡᠷᠯᠢᠭ ᠡᠯᠵᠢᠭᠡ ᠲᠥᠷᠥᠭᠡᠳ ᠬᠥᠮᠦᠨ ᠪᠣᠯᠣᠭᠰᠠᠨ ᠲᠠᠢ ᠠᠳᠠᠯᠢ ᠶᠤᠮ᠃
13 ᠬᠠᠷᠢᠨ ᠴᠢ ᠵᠢᠷᠦᠬᠡ ᠪᠡᠨ ᠵᠥᠪ ᠵᠠᠯᠠᠵᠤ ᠭᠠᠷ ᠢᠶᠠᠨ ᠲᠡᠭᠦᠨ ᠥᠭᠡᠳᠡ ᠰᠤᠩ᠋ᠭᠠᠵᠤ
14 ᠭᠠᠷ ᠲᠠᠭᠠᠨ ᠪᠤᠢ ᠨᠢᠭᠦᠯ ᠢ ᠬᠣᠯᠠᠳᠠᠭᠤᠯᠵᠤ ᠬᠣᠷᠣᠨ ᠮᠠᠭᠤ ᠶᠢ ᠭᠡᠷ ᠲᠡᠭᠡᠨ ᠦᠯᠦ ᠪᠠᠢᠯᠭᠠᠪᠠᠯ
15 ᠥ ᠰᠡᠪ ᠦᠭᠡᠢ ᠪᠠᠷ ᠴᠢᠷᠠᠢ ᠪᠠᠨ ᠳᠡᠭᠡᠭᠰᠢᠯᠡᠭᠦᠯᠵᠦ ᠠᠢᠳᠠᠰ ᠦᠭᠡᠢ ᠪᠠᠷ ᠪᠠᠲᠤ ᠵᠣᠭᠰᠣᠬᠤ ᠪᠣᠯᠣᠨ᠎ᠠ᠂
16 ᠤᠢ ᠭᠠᠰᠢᠭᠤ ᠪᠠᠨ ᠤᠮᠠᠷᠲᠠᠵᠤ ᠤᠷᠤᠰᠤᠭᠰᠠᠨ ᠤᠰᠤ ᠮᠡᠲᠦ ᠰᠠᠨᠠᠬᠤ ᠪᠥᠭᠡᠳ
17 ᠠᠮᠢ ᠴᠢᠨᠢ ᠦᠳᠡ ᠳᠤᠮᠳᠠ ᠠᠴᠠ ᠴᠤ ᠢᠯᠡᠭᠦᠦ ᠭᠡᠷᠡᠯ ᠲᠡᠢ ᠪᠣᠯᠵᠤ ᠬᠠᠷᠠᠩ᠋ᠭᠤᠢ ᠨᠢ ᠴᠤ ᠥᠷᠯᠥᠭᠡ ᠮᠡᠲᠦ ᠪᠣᠯᠣᠨ᠎ᠠ᠂
18 ᠴᠢ ᠨᠠᠢᠳᠠᠪᠤᠷᠢ ᠲᠠᠢ ᠤᠴᠢᠷ ᠠᠴᠠ ᠢᠲᠡᠭᠡᠯ ᠲᠡᠢ ᠪᠣᠯᠣᠨ᠎ᠠ᠂ ᠡᠷᠭᠢᠨ ᠲᠣᠭᠣᠷᠢᠨ ᠢᠶᠠᠨ ᠬᠠᠷᠠᠵᠤ᠂ ᠠᠶᠤᠯ ᠦᠭᠡᠢ ᠪᠠᠷ ᠠᠮᠠᠷᠠᠵᠤ᠂
19 ᠠᠢᠳᠠᠰ ᠦᠭᠡᠢ ᠪᠠᠷ ᠬᠡᠪᠲᠡᠬᠦ ᠪᠥᠭᠡᠳ ᠣᠯᠠᠨ ᠬᠥᠮᠦᠨ ᠴᠢᠨᠦ ᠲᠠᠭᠠᠯᠠᠯ ᠢ ᠬᠦᠰᠡᠬᠦ ᠪᠣᠯᠣᠨ᠎ᠠ᠂
20 ᠬᠣᠷᠣᠨ ᠮᠠᠭᠤᠴᠤᠳ ᠤᠨ ᠨᠢᠳᠦ ᠰᠦᠮᠡᠭᠡᠶᠢᠷᠡᠵᠦ ᠵᠢᠭᠤᠲᠠᠬᠤ ᠭᠠᠵᠠᠷ ᠦᠭᠡᠢ ᠪᠣᠯᠣᠨ᠎ᠠ ᠡᠴᠦᠰ ᠦᠨ ᠠᠮᠢᠰᠬᠤᠯ ᠨᠢ ᠲᠡᠳᠡᠨ ᠦ ᠨᠠᠢᠳᠠᠪᠤᠷᠢ ᠪᠣᠯᠣᠨ᠎ᠠ》 ᠭᠡᠪᠡ᠃