1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠳᠥᠷᠪᠡ
 ᠨᠢᠭᠡᠳᠦᠭᠡᠷ ᠡᠷᠭᠢᠭᠡᠨ ᠦ ᠶᠠᠷᠢᠯᠴᠠᠭ᠎ᠠ ᠡᠯᠢᠹᠠᠽ ᠤᠨ ᠶᠠᠷᠢᠶ᠎ᠠ

1 ᠲᠧᠮᠠᠨ ᠬᠥᠮᠦᠨ ᠡᠯᠢᠹᠠᠽ ᠬᠠᠷᠢᠭᠤᠯᠤᠨ᠄
2 《ᠬᠡᠨ ᠨᠢᠭᠡᠨ ᠬᠥᠮᠦᠨ ᠴᠢᠮ᠎ᠠ ᠳᠤ ᠦᠭᠡ ᠶᠠᠷᠢᠬᠤ ᠪᠠᠷ ᠵᠢᠷᠦᠬᠡᠯᠡᠪᠡᠯ ᠴᠢ ᠴᠢᠬᠤᠯᠳᠠᠬᠤ ᠪᠠᠢᠬ᠎ᠠ ᠡ᠂ ᠭᠡᠪᠡᠴᠦ ᠬᠡᠨ ᠠᠮᠠ ᠪᠠᠨ ᠬᠠᠮᠬᠢᠵᠤ ᠴᠢᠳᠠᠬᠤ ᠪᠢᠯᠡ︖
3 ᠦᠨᠡᠬᠡᠷ ᠴᠢ ᠣᠯᠠᠨ ᠢ ᠰᠤᠷᠭᠠᠨ ᠰᠤᠯᠠᠷᠠᠭᠰᠠᠨ ᠭᠠᠷ ᠢ ᠲᠡᠩᠬᠡᠷᠡᠭᠦᠯᠵᠦ ᠪᠠᠢᠭᠰᠠᠨ
4 ᠦᠭᠡ ᠴᠢᠨᠢ ᠤᠨᠠᠭᠴᠢ ᠶᠢ ᠪᠣᠰᠬᠠᠵᠤ ᠰᠤᠯᠠᠳᠠᠭᠰᠠᠨ ᠡᠪᠦᠳᠦᠭ ᠢ ᠪᠠᠲᠤᠵᠢᠭᠤᠯᠵᠤ ᠪᠠᠢᠭᠰᠠᠨ᠂
5 ᠣᠳᠣ ᠡᠳᠡᠭᠡᠷ ᠨᠢ ᠢᠷᠡᠬᠦ ᠳᠦ ᠴᠢ ᠴᠥᠬᠥᠷᠡᠵᠦ ᠪᠠᠢᠨ᠎ᠠ ᠡᠳᠡᠭᠡᠷ ᠵᠦᠢᠯ ᠴᠢᠮ᠎ᠠ ᠳᠤ ᠬᠦᠷᠬᠦ ᠳᠦ᠂ ᠴᠢ ᠰᠠᠨᠳᠤᠷᠴᠤ ᠪᠠᠢᠨ᠎ᠠ᠂
6 ᠴᠢ ᠪᠤᠷᠬᠠᠨ ᠠᠴᠠ ᠡᠮᠢᠶᠡᠭᠰᠡᠨ ᠪᠣᠯ ᠢᠲᠡᠭᠡᠯ ᠲᠡᠢ᠂ ᠪᠤᠷᠤᠭᠤ ᠦᠭᠡᠢ ᠶᠢ ᠦᠢᠯᠡᠳᠦᠭᠰᠡᠨ ᠪᠣᠯ ᠨᠠᠢᠳᠠᠯᠭ᠎ᠠ ᠲᠠᠢ ᠪᠠᠢᠬᠤ ᠪᠢᠰᠢ ᠤᠤ︖

7 ᠪᠣᠳᠣᠭᠠᠳ ᠦᠵᠡ᠂ ᠭᠡᠮ ᠦᠭᠡᠢ ᠠᠲᠠᠯ᠎ᠠ ᠪᠠᠨ ᠮᠥᠬᠥᠭᠰᠡᠨ ᠨᠢ ᠬᠡᠨ ᠪᠠᠢᠨ᠎ᠠ︖ ᠴᠢᠭ᠍ᠴᠢ ᠠᠲᠠᠯ᠎ᠠ ᠪᠠᠨ ᠰᠥᠨᠥᠭᠰᠡᠨ ᠨᠢ ᠬᠠᠮᠢᠭ᠎ᠠ ᠪᠠᠢᠨ᠎ᠠ︖
8 ᠮᠢᠨᠦ ᠦᠵᠡᠬᠦ ᠪᠡᠷ ᠬᠣᠣᠷ ᠲᠠᠷᠢᠵᠤ᠂ ᠭᠠᠢ ᠤᠷᠭᠤᠭᠤᠯᠤᠭᠴᠢᠳ ᠲᠡᠭᠦᠨ ᠢ ᠪᠠᠨ ᠬᠤᠷᠢᠶᠠᠬᠤ ᠪᠣᠯᠣᠨ᠎ᠠ᠂
9 ᠲᠡᠳᠡ ᠪᠤᠷᠬᠠᠨ ᠤ ᠠᠮᠢᠰᠬᠤᠯ ᠢᠶᠠᠷ ᠠᠷᠢᠯᠵᠤ ᠠᠭᠤᠷ ᠬᠢᠯᠢᠩ ᠢᠶᠠᠷ ᠨᠢ ᠤᠰᠠᠲᠤᠨ᠎ᠠ᠂
10 ᠡᠢᠨ ᠬᠦ ᠠᠷᠰᠯᠠᠨ ᠤ ᠠᠷᠬᠢᠷᠠᠭᠠᠨ ᠵᠡᠷᠯᠢᠭ ᠠᠷᠰᠯᠠᠨ ᠤ ᠬᠦᠷᠬᠢᠷᠡᠭᠡᠨ ᠵᠣᠭᠰᠣᠵᠤ ᠵᠠᠯᠠᠭᠤ ᠠᠷᠰᠯᠠᠨ ᠤ ᠰᠢᠳᠦ ᠬᠤᠭᠤᠷᠠᠵᠠᠢ᠂
11 ᠠᠷᠰᠯᠠᠨ ᠢᠳᠡᠰᠢ ᠳᠤᠲᠠᠭᠠᠳ ᠤᠰᠠᠳᠴᠤ ᠡᠮ᠎ᠡ ᠠᠷᠰᠯᠠᠨ ᠤ ᠵᠤᠯᠵᠠᠭ᠎ᠠ ᠨᠤᠭᠤᠳ ᠪᠤᠲᠠᠷᠠᠨ᠎ᠠ᠃
12 ᠨᠠᠳᠠ ᠳᠤ ᠨᠢᠭᠡᠨ ᠦᠭᠡ ᠰᠡᠮᠬᠡᠨ ᠢᠷᠡᠪᠡ ᠴᠢᠬᠢ ᠮᠢᠨᠢ ᠲᠡᠷᠡ ᠰᠢᠪᠡᠨᠡᠭᠡ ᠶᠢ ᠠᠪᠤᠪᠠ᠂
13 ᠬᠥᠮᠦᠰ ᠭᠦᠨ ᠨᠣᠢᠷ ᠲᠤ ᠠᠪᠲᠠᠭᠰᠠᠨ ᠰᠥᠨᠢ ᠪᠢ ᠬᠠᠷ᠎ᠠ ᠳᠠᠷᠤᠵᠤ ᠪᠠᠢᠬᠤ ᠳᠠᠭᠠᠨ
14 ᠪᠢ ᠠᠢᠳᠠᠰ ᠲᠤ ᠠᠪᠲᠠᠵᠤ ᠴᠡᠴᠡᠷᠡᠪᠡ ᠪᠦᠬᠦ ᠶᠠᠰᠤ ᠮᠢᠨᠢ ᠳᠣᠷᠭᠢᠪᠠ᠂
15 ᠨᠢᠭᠡᠨ ᠰᠦᠨᠡᠰᠦ ᠨᠢᠭᠤᠷ ᠳᠡᠭᠡᠭᠦᠷ ᠮᠢᠨᠢ ᠥᠩᠭᠡᠷᠡᠵᠦ ᠪᠠᠢᠪᠠ ᠠᠷᠠᠰᠤ ᠦᠰᠦ ᠮᠢᠨᠢ ᠠᠷᠵᠠᠢᠨ ᠪᠣᠰᠪᠠ᠂
16 ᠲᠡᠭᠡᠲᠡᠯ᠎ᠡ ᠲᠡᠷᠡ ᠵᠣᠭᠰᠣᠭᠰᠠᠨ ᠪᠣᠯᠪᠠᠴᠤ ᠪᠢ ᠲᠥᠷᠬᠥ ᠶᠢ ᠨᠢ ᠲᠠᠨᠢᠵᠤ ᠴᠢᠳᠠᠭᠰᠠᠨ ᠦᠭᠡᠢ ᠲᠡᠢᠨ ᠬᠦ ᠨᠢᠭᠡᠨ ᠳᠦᠷᠰᠦ ᠨᠢᠳᠦᠨ ᠦ ᠮᠢᠨᠢ ᠡᠮᠦᠨ᠎ᠡ ᠪᠠᠢᠬᠤ ᠳᠤ ᠨᠠᠮ ᠭᠦᠮ ᠳᠤᠮᠳᠠ ᠨᠢᠭᠡᠨ ᠳᠠᠭᠤ ᠰᠣᠨᠣᠰᠲᠠᠯ᠎ᠠ᠄
17 〈ᠬᠥᠮᠦᠨ ᠪᠤᠷᠬᠠᠨ ᠠᠴᠠ ᠢᠯᠡᠭᠦᠦ ᠵᠥᠪ ᠪᠠᠢᠵᠤ ᠴᠢᠳᠠᠬᠤ ᠤᠤ︖ ᠪᠦᠲᠦᠭᠡᠭᠴᠢ ᠡᠴᠡ ᠪᠡᠨ ᠴᠡᠪᠡᠷ ᠪᠠᠢᠵᠤ ᠴᠢᠳᠠᠬᠤ ᠤᠤ︖
18 ᠪᠤᠷᠬᠠᠨ ᠵᠠᠷᠤᠴᠠ ᠨᠠᠷ ᠲᠠᠭᠠᠨ ᠢᠲᠡᠭᠡᠳᠡᠭ ᠦᠭᠡᠢ ᠲᠩᠷᠢ ᠡᠯᠴᠢᠳ ᠡᠴᠡ ᠪᠡᠨ ᠠᠯᠳᠠᠭ᠎ᠠ ᠶᠢ ᠨᠢ ᠤᠯᠳᠠᠭ᠃
19 ᠲᠡᠭᠡᠪᠡᠯ ᠰᠢᠷᠣᠢ ᠠᠴᠠ ᠡᠭᠦᠰᠦᠭᠡᠳ ᠰᠢᠪᠠᠷ ᠣᠷᠣᠮᠵᠢᠨ ᠳᠤ ᠣᠷᠣᠰᠢᠵᠤ ᠳ᠋ᠧᠩ ᠤᠨ ᠡᠷᠪᠡᠬᠡᠢ ᠠᠳᠠᠯᠢ ᠨᠢᠴᠠᠯᠤᠭᠳᠠᠬᠤ ᠬᠥᠮᠦᠰ ᠲᠦ ᠶᠠᠭᠠᠬᠢᠨ ᠨᠠᠢᠳᠠᠬᠤ ᠪᠤᠢ︕
20 ᠲᠡᠳᠡ ᠥᠷᠯᠥᠭᠡ ᠦᠳᠡᠰᠢ ᠶᠢᠨ ᠬᠣᠭᠣᠷᠣᠨᠳᠣ ᠯᠠ ᠪᠢᠴᠠᠯᠤᠭᠳᠠᠨ ᠥᠪᠡᠷ ᠢ ᠪᠠᠨ ᠠᠪᠤᠷᠠᠬᠤ ᠠᠷᠭ᠎ᠠ ᠦᠭᠡᠢ ᠪᠦᠷᠢᠮᠦᠰᠦᠨ ᠮᠥᠬᠥᠵᠦ᠂
21 ᠮᠠᠢᠬᠠᠨ ᠤ ᠬᠢᠨᠢ ᠣᠭᠣᠰᠣᠷ ᠲᠠᠰᠤᠷᠠᠬᠤ ᠳᠤ ᠮᠡᠷᠭᠡᠨ ᠤᠬᠠᠭᠠᠨ ᠣᠯᠣᠯ ᠦᠭᠡᠢ ᠪᠠᠷ ᠦᠬᠦᠨ᠎ᠡ ᠪᠢᠵᠡ︖〉