1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠠᠷᠪᠠᠨ ᠳᠣᠯᠣᠭ᠎ᠠ
1 ᠤᠷᠮ᠎ᠠ ᠮᠢᠨᠢ ᠬᠤᠭᠤᠷᠠᠪᠠ᠂ ᠡᠳᠦᠷ ᠤᠳ ᠮᠢᠨᠢ ᠭᠦᠢᠴᠡᠪᠡ᠂ ᠣᠩ᠋ᠭᠣᠨ ᠮᠢᠨᠢ ᠪᠡᠯᠡᠳᠬᠡᠭᠳᠡᠪᠡ᠂
2 ᠲᠣᠬᠣᠭᠤᠷᠬᠠᠭᠴᠢᠳ ᠳᠡᠷᠭᠡᠳᠡ ᠮᠢᠨᠢ ᠪᠠᠢᠨ᠎ᠠ︕ ᠳᠠᠢᠰᠤᠩᠨᠠᠯ ᠢ ᠨᠢ ᠨᠢᠳᠦ ᠮᠢᠨᠢ ᠬᠠᠷᠠᠵᠤ ᠪᠠᠢᠨ᠎ᠠ︕
3 ᠲᠠ ᠥᠪᠡᠷ ᠢᠶᠡᠨ ᠮᠢᠨᠦ ᠪᠠᠲᠤᠯᠠᠨ ᠳᠠᠭᠠᠭᠠᠭᠴᠢ ᠪᠣᠯᠣᠭᠠᠴᠢ᠂ ᠪᠤᠷᠬᠠᠨ ᠮᠢᠨᠢ᠂ ᠲᠠᠨ ᠠᠴᠠ ᠥᠭᠡᠷ᠎ᠡ ᠬᠡᠨ ᠮᠢᠨᠦ ᠲᠥᠯᠥᠭᠡ ᠪᠠᠲᠤᠯᠠᠭ᠎ᠠ ᠥᠭᠬᠦ ᠪᠢᠯᠡ︖
4 ᠲᠠ ᠲᠡᠳᠡᠨ ᠦ ᠣᠶᠤᠨ ᠠᠴᠠ ᠣᠢᠯᠠᠭᠠᠯᠲᠠ ᠶᠢ ᠨᠢᠭᠤᠵᠠᠢ᠂ ᠡᠢᠨ ᠬᠦ ᠲᠠ ᠲᠡᠳᠡᠨ ᠢ ᠡᠷᠭᠦᠮᠵᠢᠯᠡᠬᠦ ᠦᠭᠡᠢ᠂
5 ᠠᠰᠢᠭ ᠤᠨ ᠲᠥᠯᠥᠭᠡ ᠠᠨᠳᠠ ᠪᠠᠨ ᠪᠤᠷᠤᠭᠤᠳᠬᠠᠪᠠᠯ ᠦᠷ᠎ᠡ ᠬᠡᠦᠬᠡᠳ ᠦᠨ ᠬᠢᠨᠢ ᠬᠠᠷᠠᠭ᠎ᠠ ᠪᠠᠯᠠᠷᠠᠬᠤ ᠪᠣᠯᠣᠨ᠎ᠠ᠃

6 ᠪᠤᠷᠬᠠᠨ ᠨᠠᠮᠠᠶᠢ ᠬᠥᠮᠦᠨ ᠪᠣᠯᠭᠠᠨ ᠤ ᠠᠮᠠᠨ ᠤ ᠵᠤᠭ᠎ᠠ ᠪᠣᠯᠭᠠᠭᠰᠠᠨ ᠳᠤ ᠲᠡᠳᠡ ᠨᠢᠭᠤᠷ ᠳᠡᠭᠡᠷ᠎ᠡ ᠮᠢᠨᠢ ᠨᠢᠯᠪᠤᠵᠤ ᠪᠠᠢᠨ᠎ᠠ᠂
7 ᠤᠢ ᠭᠠᠰᠢᠭᠤ ᠠᠴᠠ ᠪᠣᠯᠵᠤ ᠨᠢᠳᠦ ᠮᠢᠨᠢ ᠰᠦᠮᠡᠭᠡᠶᠢᠷᠡᠵᠦ ᠬᠠᠮᠤᠭ ᠪᠡᠶ᠎ᠡ ᠶᠢᠨ ᠡᠷᠬᠡᠲᠡᠨ ᠮᠢᠨᠢ ᠰᠦᠭ ᠰᠡᠭᠦᠳᠡᠷ ᠰᠢᠭ᠂
8 ᠰᠢᠳᠤᠷᠭᠤ ᠬᠥᠮᠦᠰ ᠡᠭᠦᠨ ᠳᠦ ᠪᠠᠯᠠᠮᠠᠭᠳᠠᠵᠤ ᠭᠡᠮ ᠦᠭᠡᠢ ᠬᠥᠮᠦᠨ 《ᠬᠣᠶᠠᠷ ᠨᠢᠭᠤᠷᠲᠠᠨ》 ᠭᠡᠳ ᠪᠣᠰᠣᠨ᠎ᠠ᠂
9 ᠵᠥᠪᠲᠦ ᠬᠥᠮᠦᠨ ᠵᠠᠮ ᠢᠶᠠᠨ ᠬᠥᠭᠡᠭᠡᠨ ᠴᠡᠪᠡᠷ ᠭᠠᠷᠳᠠᠨ ᠤᠯᠠᠮ ᠬᠦᠴᠦᠷᠬᠡᠭ ᠪᠣᠯᠣᠨ᠎ᠠ᠂
10 ᠲᠠ ᠨᠠᠷ ᠪᠦᠭᠦᠳᠡᠭᠡᠷ ᠢᠶᠡᠨ ᠳᠠᠬᠢᠭᠠᠳ ᠨᠠᠰᠢ ᠢᠷ᠎ᠡ ᠲᠠ ᠨᠠᠷ ᠤᠨ ᠳᠤᠮᠳᠠ ᠠᠴᠠ ᠭᠠᠭᠴᠠ ᠮᠡᠷᠭᠡᠨ ᠢ ᠴᠤ ᠪᠢ ᠣᠯᠬᠤ ᠦᠭᠡᠢ᠃
11 ᠡᠳᠦᠷ ᠤᠳ ᠮᠢᠨᠢ ᠥᠩᠭᠡᠷᠡᠨ ᠣᠳᠴᠠᠢ ᠵᠣᠷᠢᠯᠭ᠎ᠠ ᠬᠢᠭᠡᠳ ᠵᠢᠷᠦᠬᠡᠨ ᠦ ᠬᠦᠰᠡᠯ ᠮᠢᠨᠢ ᠲᠠᠰᠤᠷᠠᠬᠤ ᠪᠣᠯᠵᠠᠢ᠂
12 ᠡᠳᠡᠭᠡᠷ ᠬᠥᠮᠦᠨ ᠰᠥᠨᠢ ᠶᠢ ᠡᠳᠦᠷ ᠭᠡᠵᠦ ᠬᠠᠷᠠᠩ᠋ᠭᠤᠢ ᠶᠢᠨ ᠳᠤᠮᠳᠠ ᠭᠡᠷᠡᠯ ᠣᠢᠷᠠᠲᠤᠯ᠎ᠠ ᠭᠡᠳᠡᠭ᠂
13 ᠬᠠᠷᠢᠨ ᠪᠢ ᠦᠬᠦᠭᠰᠡᠳ ᠦᠨ ᠣᠷᠣᠨ ᠢ ᠭᠡᠷ ᠢᠶᠡᠨ ᠭᠡᠳ ᠬᠦᠯᠢᠶᠡᠵᠦ ᠬᠠᠷᠠᠩ᠋ᠭᠤᠢ ᠳᠣᠲᠣᠷ᠎ᠠ ᠣᠷᠣ ᠪᠠᠨ ᠵᠠᠰᠠᠵᠤ
14 ᠪᠤᠯᠠᠰᠢᠨ ᠳᠤ ᠬᠠᠨᠳᠤᠨ᠄ 〈ᠮᠢᠨᠦ ᠡᠴᠢᠭᠡ〉 ᠭᠡᠵᠦ ᠥᠲᠥ ᠳᠤ ᠬᠠᠨᠳᠤᠨ᠄ 〈ᠮᠢᠨᠦ ᠡᠬᠡ᠂ ᠮᠢᠨᠦ ᠡᠭᠡᠴᠢ〉 ᠭᠡᠵᠦ ᠬᠡᠯᠡᠬᠦ ᠪᠣᠯᠣᠭᠠᠳ ᠪᠠᠢᠨ᠎ᠠ᠂
15 ᠨᠠᠢᠳᠠᠪᠤᠷᠢ ᠮᠢᠨᠢ ᠬᠠᠮᠢᠭ᠎ᠠ ᠪᠠᠢᠨ᠎ᠠ︖ ᠨᠠᠢᠳᠠᠪᠤᠷᠢ ᠶᠢ ᠮᠢᠨᠢ ᠬᠡᠨ ᠣᠯᠵᠤ ᠬᠠᠷᠠᠬᠤ ᠪᠢᠯᠡ︖
16 ᠨᠠᠢᠳᠠᠪᠤᠷᠢ ᠮᠢᠨᠢ ᠦᠬᠦᠭᠰᠡᠳ ᠦᠨ ᠣᠷᠣᠨ ᠤ ᠡᠭᠦᠳᠡ ᠤᠷᠤᠭᠤ ᠪᠠᠭᠤᠬᠤ ᠨᠢ ᠤᠤ︖ ᠨᠠᠳᠠ ᠲᠠᠢ ᠬᠠᠮᠲᠤ ᠰᠢᠷᠣᠢ ᠶᠢᠨ ᠳᠣᠣᠷ᠎ᠠ ᠣᠷᠣᠬᠤ ᠨᠢ ᠤᠤ︖》 ᠭᠡᠪᠡ᠃