ᠶᠣᠪ ᠲᠠᠪᠤ
1 ᠬᠠᠰᠬᠢᠷᠤᠭᠠᠳ ᠦᠵᠡ᠂ ᠬᠡᠨ ᠴᠢᠮ᠎ᠠ ᠳᠤ ᠬᠠᠷᠢᠭᠤᠯᠬᠤ ᠪᠤᠢ︖ ᠠᠷᠢᠭᠤᠨ ᠲᠦᠮᠡᠨ ᠡᠴᠡ ᠬᠡᠨ ᠢ ᠨᠢ ᠴᠢ ᠥᠪᠡᠷ ᠤᠷᠤᠭᠤ ᠪᠠᠨ ᠬᠠᠨᠳᠤᠭᠤᠯᠬᠤ ᠪᠤᠢ︖
2 ᠮᠤᠩ᠋ᠬᠠᠭ ᠨᠢ ᠬᠣᠷᠣᠰᠣᠯ ᠳᠠᠭᠠᠨ ᠮᠥᠬᠥᠵᠦ ᠭᠡᠨᠡᠨ ᠨᠢ ᠠᠲᠠᠭᠠᠷᠬᠠᠯ ᠳᠠᠭᠠᠨ ᠦᠬᠦᠨ᠎ᠡ᠂
3 ᠪᠢ ᠮᠤᠩ᠋ᠬᠠᠭ ᠤᠨ ᠦᠨᠳᠦᠰᠦᠯᠡᠵᠦ ᠪᠠᠢᠬᠤ ᠶᠢ ᠬᠠᠷᠠᠭᠠᠳ ᠭᠡᠷ ᠣᠷᠣᠨ ᠢ ᠨᠢ ᠭᠡᠨᠡᠳᠲᠡ ᠬᠠᠷᠢᠶᠠᠵᠠᠢ᠄
4 〈ᠬᠥᠪᠡᠭᠦᠳ ᠨᠢ ᠠᠶᠤᠯ ᠦᠭᠡᠢ ᠪᠠᠢᠳᠠᠯ ᠠᠴᠠ ᠬᠣᠯᠠᠳᠠᠵᠤ ᠬᠠᠭᠠᠯᠭᠠᠨ ᠳᠡᠭᠡᠷ᠎ᠡ 1 ᠨᠢᠴᠠᠯᠤᠭᠳᠠᠭᠰᠠᠨ ᠴᠤ ᠭᠡᠲᠦᠯᠭᠡᠬᠦ ᠬᠥᠮᠦᠨ ᠦᠭᠡᠢ ᠪᠠᠢᠭ᠂
5 ᠥᠯᠥᠰᠥᠭᠴᠢᠳ ᠬᠤᠷᠢᠶᠠᠭᠰᠠᠨ ᠢ ᠨᠢ ᠴᠥᠯᠮᠥᠵᠦ ᠥᠷᠭᠡᠰᠦᠲᠦ ᠪᠤᠲᠠᠨ ᠠᠴᠠ ᠤᠷᠭᠤᠭᠰᠠᠨ ᠢ ᠨᠢ ᠴᠤ ᠠᠪᠠᠴᠢᠭ ᠤᠮᠳᠠᠭᠠᠰᠤᠭᠴᠢᠳ ᠡᠳ᠋ ᠬᠥᠷᠥᠩᠭᠡ ᠶᠢ ᠨᠢ ᠵᠠᠯᠭᠢᠭ〉 ᠭᠡᠰᠡᠨ ᠶᠤᠮ᠂
6 ᠭᠠᠮᠰᠢᠭ ᠰᠢᠷᠣᠢ ᠠᠴᠠ ᠭᠠᠷᠳᠠᠭ ᠪᠢᠰᠢ ᠭᠠᠢ ᠭᠠᠵᠠᠷ ᠠᠴᠠ ᠤᠷᠭᠤᠳᠠᠭ ᠪᠢᠰᠢ᠂
7 ᠣᠴᠢ ᠳᠡᠭᠡᠭᠰᠢ ᠪᠠᠨ ᠦᠰᠦᠴᠢᠳᠡᠭ ᠬᠥᠮᠦᠨ ᠵᠣᠪᠠᠬᠤ ᠪᠠᠷ ᠲᠥᠷᠥᠳᠡᠭ᠃
8 ᠪᠢ ᠪᠠᠢᠭᠰᠠᠨ ᠪᠣᠯ ᠪᠤᠷᠬᠠᠨ ᠢ ᠬᠠᠢᠵᠤ᠂ ᠪᠤᠷᠬᠠᠨ ᠤ ᠡᠮᠦᠨ᠎ᠡ ᠬᠡᠷᠡᠭ ᠢᠶᠡᠨ ᠲᠠᠯᠪᠢᠨ᠎ᠠ᠂
9 ᠲᠡᠷᠡ ᠪᠣᠯ ᠬᠡᠮᠵᠢᠶᠡᠯᠡᠰᠢ ᠦᠭᠡᠢ ᠠᠭᠤᠤ ᠶᠢ ᠬᠢᠵᠦ ᠲᠣᠭ᠎ᠠ ᠲᠣᠮᠰᠢ ᠦᠭᠡᠢ ᠭᠠᠢᠬᠠᠮᠰᠢᠭ ᠤᠳ ᠢ ᠦᠢᠯᠡᠳᠦᠭᠴᠢ᠂
10 ᠭᠠᠵᠠᠷ ᠳᠡᠭᠡᠷ᠎ᠡ ᠪᠣᠷᠣᠭᠠᠨ ᠢ ᠰᠣᠶᠣᠷᠬᠠᠭᠴᠢ ᠬᠡᠭᠡᠷ᠎ᠡ ᠲᠠᠯ᠎ᠠ ᠳᠤ ᠤᠰᠤ ᠶᠢ ᠢᠯᠡᠭᠡᠭᠴᠢ᠂
11 ᠲᠡᠷᠡ ᠪᠡᠷ ᠳᠣᠷᠣᠢ ᠶᠢ ᠨᠢ ᠥᠨᠳᠥᠷ ᠲᠦ ᠲᠠᠯᠪᠢᠵᠤ ᠭᠠᠰᠢᠭᠤᠳᠠᠭᠴᠢᠳ ᠠᠶᠤᠯ ᠦᠭᠡᠢ ᠥᠨᠳᠥᠷ ᠲᠦ ᠪᠠᠢᠬᠤ ᠪᠣᠯᠣᠨ᠎ᠠ
12 ᠲᠡᠷᠡ ᠪᠡᠷ ᠵᠠᠯᠢ ᠲᠠᠢ ᠬᠥᠮᠦᠰ ᠦᠨ ᠠᠷᠭ᠎ᠠ ᠶᠢ ᠡᠪᠳᠡᠳᠡᠭ ᠭᠠᠷ ᠤᠨ ᠬᠢᠨᠢ ᠦᠢᠯᠡᠰ ᠢ ᠠᠮᠵᠢᠯᠲᠠ ᠦᠭᠡᠢ ᠪᠣᠯᠭᠠᠳᠠᠭ᠂
13 ᠮᠡᠷᠭᠡᠨ ᠢ ᠮᠡᠬᠡ ᠪᠡᠷ ᠨᠢ ᠪᠠᠷᠢᠭᠴᠢ ᠨᠢ ᠲᠡᠷᠡ᠂ ᠵᠠᠯᠢᠲᠠᠨ ᠤ ᠲᠥᠯᠥᠪᠯᠡᠭᠡ ᠬᠣᠷᠣᠮᠬᠠᠨ ᠵᠠᠭᠤᠷ᠎ᠠ ᠶᠢᠨ ᠬᠢ᠂
14 ᠲᠡᠢᠮᠦ ᠡᠴᠡ ᠡᠳᠦᠷ ᠢᠶᠡᠷ ᠲᠡᠳᠡ ᠬᠠᠷᠠᠩ᠋ᠭᠤᠢ ᠲᠠᠢ ᠤᠴᠠᠷᠠᠵᠤ ᠦᠳᠡ ᠳᠤᠮᠳᠠ ᠴᠤ ᠰᠥᠨᠢ ᠮᠡᠲᠦ ᠲᠡᠮᠲᠡᠴᠢᠨᠡ᠂
15 ᠡᠢᠨ ᠬᠦ ᠪᠤᠷᠬᠠᠨ ᠬᠥᠭᠡᠷᠦᠬᠦᠢ ᠬᠥᠮᠦᠰ ᠢ ᠬᠦᠴᠦᠲᠡᠨ ᠦ ᠠᠮᠠᠨ ᠤ ᠰᠡᠯᠡᠮ᠎ᠡ ᠡᠴᠡ ᠪᠠᠰᠠ ᠲᠡᠳᠡᠨ ᠦ ᠭᠠᠷ ᠠᠴᠠ ᠠᠪᠤᠷᠠᠳᠠᠭ᠃
16 ᠡᠢᠮᠦ ᠡᠴᠡ ᠶᠠᠳᠠᠭᠤ ᠳᠤ ᠨᠠᠢᠳᠠᠪᠤᠷᠢ ᠲᠠᠢ ᠪᠤᠷᠤᠭᠤᠲᠠᠨ ᠠᠮᠠ ᠪᠠᠨ ᠬᠠᠮᠬᠢᠬᠤ ᠤᠴᠢᠷ ᠲᠠᠢ᠃
17 ᠬᠠᠷ᠎ᠠ᠂ ᠪᠤᠷᠬᠠᠨ ᠳᠤ ᠵᠢᠮᠡᠯᠡᠭᠦᠯᠦᠭᠰᠡᠨ ᠬᠥᠮᠦᠨ ᠪᠤᠶᠠᠨ ᠲᠠᠢ ᠲᠡᠭᠦᠰ ᠬᠦᠴᠦᠲᠡᠨ ᠦ ᠭᠡᠰᠬᠡᠯᠲᠡ ᠶᠢ ᠪᠦᠦ ᠬᠥᠩᠭᠡᠪᠴᠢᠯᠡ᠂
18 ᠲᠡᠷᠡ ᠪᠡᠷ ᠰᠢᠷᠬᠠᠲᠤᠭᠤᠯᠳᠠᠭ ᠴᠤ ᠪᠣᠭᠣᠵᠤ ᠥᠭᠭᠥᠨ᠎ᠡ ᠴᠣᠬᠢᠳᠠᠭ ᠴᠤ ᠥᠪᠡᠷ ᠦᠨ ᠢᠶᠠᠨ ᠮᠤᠲᠤᠷ ᠢᠶᠠᠷ ᠡᠳᠡᠭᠡᠭᠡᠵᠦ
19 ᠵᠢᠷᠭᠤᠭᠠᠨ ᠵᠣᠪᠠᠯᠠᠩ ᠠᠴᠠ ᠴᠢᠮᠠᠶᠢ ᠠᠪᠤᠷᠠᠨ᠎ᠠ᠂ ᠳᠣᠯᠣᠭᠠᠨ ᠭᠠᠮᠰᠢᠭ ᠢᠷᠡᠭᠰᠡᠨ ᠴᠤ ᠲᠡᠷᠡ ᠨᠢ ᠴᠢᠮ᠎ᠠ ᠳᠤ ᠬᠦᠷᠬᠦ ᠦᠭᠡᠢ᠂
20 ᠲᠡᠷᠡ ᠪᠡᠷ ᠴᠢᠮᠠᠶᠢ ᠥᠯᠥᠰᠬᠥᠯᠡᠩ ᠦᠨ ᠦᠶ᠎ᠡ ᠳᠦ ᠦᠬᠦᠯ ᠡᠴᠡ ᠲᠤᠯᠤᠯᠳᠤᠭᠠᠨ ᠤ ᠦᠶ᠎ᠡ ᠳᠦ ᠢᠯᠳᠦᠨ ᠦ ᠢᠷ ᠡᠴᠡ ᠵᠣᠯᠢᠵᠤ ᠠᠪᠤᠨ᠎ᠠ᠂
21 ᠴᠢ ᠬᠡᠯᠡᠨ ᠦ ᠲᠠᠰᠢᠭᠤᠷ ᠠᠴᠠ ᠬᠠᠯᠬᠠᠯᠠᠭᠳᠠᠨᠠ ᠬᠥᠨᠥᠭᠡᠯ ᠢᠷᠡᠭᠰᠡᠨ ᠴᠤ ᠠᠶᠤᠬᠤ ᠦᠭᠡᠢ ᠪᠠᠢᠭᠰᠠᠭᠠᠷ
22 ᠬᠥᠨᠥᠭᠡᠯ ᠪᠠ ᠥᠯᠥᠰᠬᠥᠯᠡᠩ ᠦᠨ ᠴᠠᠭ ᠲᠤ ᠢᠨᠢᠶᠡᠬᠦ ᠪᠣᠯᠣᠨ᠎ᠠ ᠴᠢ ᠭᠠᠵᠠᠷ ᠤᠨ ᠵᠡᠷᠯᠢᠭ ᠠᠷᠢᠶᠠᠲᠠᠳ ᠠᠴᠠ ᠴᠤ ᠠᠶᠤᠬᠤ ᠦᠭᠡᠢ ᠪᠣᠯᠣᠨ᠎ᠠ᠂
23 ᠤᠴᠢᠷ ᠨᠢ ᠴᠢ ᠲᠠᠯ᠎ᠠ ᠶᠢᠨ ᠴᠢᠯᠠᠭᠤ ᠨᠤᠭᠤᠳ ᠲᠠᠢ ᠬᠣᠯᠪᠣᠭᠠᠲᠠᠨ ᠪᠣᠯᠵᠤ ᠲᠠᠯ᠎ᠠ ᠶᠢᠨ ᠠᠷᠢᠶᠠᠲᠠᠳ ᠴᠤ ᠴᠢᠮ᠎ᠠ ᠯᠤᠭ᠎ᠠ ᠡᠪ ᠲᠡᠢ ᠪᠠᠢᠬᠤ ᠪᠣᠯᠣᠨ᠎ᠠ᠂
24 ᠴᠢ ᠮᠠᠢᠬᠠᠨ ᠤ ᠪᠠᠨ ᠠᠶᠤᠯ ᠦᠭᠡᠢ ᠪᠠᠢᠳᠠᠯ ᠢ ᠬᠠᠷᠠᠨ᠎ᠠ ᠬᠠᠰᠢᠶ᠎ᠠ ᠪᠠᠨ ᠰᠢᠯᠭᠠᠭᠰᠠᠨ ᠴᠤ ᠠᠯᠳᠠᠭᠰᠠᠨ ᠵᠦᠢᠯ ᠠᠯᠠᠭ᠎ᠠ᠂
25 ᠦᠷ᠎ᠡ ᠬᠡᠦᠬᠡᠳ ᠴᠢᠨᠢ ᠣᠯᠠᠰᠢᠷᠠᠵᠤ ᠬᠣᠢᠴᠢ ᠦᠶ᠎ᠡ ᠴᠢᠨᠢ ᠭᠠᠵᠠᠷ ᠤᠨ ᠡᠪᠡᠰᠦ ᠮᠡᠲᠦ ᠪᠣᠯᠬᠤ ᠶᠢ ᠴᠢ ᠬᠠᠷᠠᠨ᠎ᠠ᠂
26 ᠴᠠᠭ ᠲᠤᠨᠢ ᠬᠤᠷᠢᠶᠠᠵᠤ ᠶᠡᠦᠵᠢᠯᠡᠭᠰᠡᠨ ᠲᠠᠷᠢᠶ᠎ᠠ ᠠᠳᠠᠯᠢ ᠴᠢ ᠨᠠᠰᠤᠨ ᠳᠠᠭᠠᠨ ᠬᠦᠷᠦᠭᠡᠳ ᠪᠤᠯᠠᠰᠢᠨ ᠳᠠᠭᠠᠨ ᠣᠷᠣᠬᠤ ᠪᠣᠯᠣᠨ᠎ᠠ᠂
27 ᠬᠠᠷ᠎ᠠ᠂ ᠪᠢᠳᠡᠨ ᠦ ᠠᠵᠢᠭᠯᠠᠭᠰᠠᠨ ᠢᠶᠠᠷ ᠡᠢᠮᠦ ᠪᠠᠢᠨ᠎ᠠ ᠡᠭᠦᠨ ᠢ ᠰᠣᠨᠣᠰᠣᠭᠠᠳ᠂ ᠴᠢ ᠥᠪᠡᠷ ᠲᠡᠭᠡᠨ ᠤᠬᠠᠭᠠᠷᠠᠭᠲᠤᠨ》 ᠭᠡᠪᠡ᠃