ᠶᠣᠪ ᠬᠣᠷᠢᠨ ᠲᠠᠪᠤ
ᠪᠢᠯᠳᠠᠳ᠋ ᠤᠨ ᠶᠠᠷᠢᠶ᠎ᠠ
1 ᠱᠦᠾ ᠬᠥᠮᠦᠨ ᠪᠢᠯᠳᠠᠳ᠋ ᠬᠠᠷᠢᠭᠤᠯᠤᠨ᠄
2 《ᠡᠷᠬᠡ ᠮᠡᠳᠡᠯ ᠪᠠ ᠰᠦᠷ ᠬᠦᠴᠦ ᠨᠢ ᠪᠤᠷᠬᠠᠨ ᠤ ᠬᠢ ᠲᠡᠷᠡ ᠪᠡᠷ ᠥᠨᠳᠥᠷ ᠲᠩᠷᠢ ᠳᠡᠭᠡᠨ ᠠᠮᠤᠷ ᠠᠮᠤᠭᠤᠯᠠᠩ ᠢ ᠲᠣᠭᠲᠠᠭᠠᠳᠠᠭ᠂
3 ᠲᠡᠭᠦᠨ ᠦ ᠴᠡᠷᠢᠭ ᠲᠤ ᠲᠣᠭ᠎ᠠ ᠬᠡᠮᠵᠢᠶ᠎ᠡ ᠭᠡᠵᠦ ᠪᠤᠢ ᠤᠤ︖ ᠲᠡᠭᠦᠨ ᠦ ᠭᠡᠷᠡᠯ ᠢ ᠬᠦᠷᠲᠡᠭᠡ ᠦᠭᠡᠢ ᠨᠢ ᠪᠤᠢ ᠤᠤ︖
4 ᠪᠤᠷᠬᠠᠨ ᠤ ᠡᠮᠦᠨ᠎ᠡ ᠬᠥᠮᠦᠨ ᠬᠡᠷᠬᠢᠨ ᠵᠥᠪ ᠪᠠᠢᠵᠤ ᠴᠢᠳᠠᠬᠤ ᠪᠢᠯᠡ︖ ᠡᠮᠡᠭᠲᠡᠢ ᠡᠴᠡ ᠲᠥᠷᠥᠭᠰᠡᠨ ᠬᠥᠮᠦᠨ ᠶᠠᠭᠠᠬᠢᠨ ᠴᠡᠪᠡᠷ ᠪᠠᠢᠵᠤ ᠴᠢᠳᠠᠬᠤ ᠪᠢᠯᠡ︖
5 ᠬᠠᠷ᠎ᠠ᠂ ᠲᠡᠭᠦᠨ ᠦ ᠮᠡᠯᠮᠡᠢ ᠳᠦ ᠰᠠᠷ᠎ᠠ ᠰᠠᠷᠠᠭᠤᠯ ᠪᠢᠰᠢ᠂ ᠣᠳᠣᠳ ᠴᠤ ᠴᠡᠪᠡᠷ ᠪᠢᠰᠢ ᠪᠠᠢᠬᠤ ᠳᠤ᠂
6 ᠬᠣᠷᠣᠬᠠᠢ ᠮᠡᠲᠦ ᠬᠥᠮᠦᠨ ᠥᠲᠥ ᠮᠡᠲᠦ ᠥᠴᠦᠬᠡᠨ ᠬᠥᠮᠦᠨ ᠶᠠᠮᠠᠷ ᠪᠠᠢᠬᠤ ᠪᠣᠯ︖》 ᠭᠡᠪᠡ᠃