1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠬᠣᠷᠢᠨ ᠵᠢᠷᠭᠤᠭ᠎ᠠ
 ᠶᠣᠪ ᠤᠨ ᠬᠠᠷᠢᠭᠤ

1 ᠶᠣᠪ ᠬᠠᠷᠢᠭᠤᠯᠵᠤ᠄
2 《ᠬᠦᠴᠦ ᠦᠭᠡᠢ ᠨᠢᠭᠡᠨ ᠳᠦ ᠴᠢ ᠶᠠᠭᠠᠬᠢᠵᠤ ᠲᠤᠰᠠᠯᠠᠵᠤ ᠪᠠᠢᠪᠠ︖ ᠰᠤᠯᠠᠷᠠᠭᠰᠠᠨ ᠭᠠᠷ ᠢ ᠴᠢ ᠬᠡᠷᠬᠢᠨ ᠠᠪᠤᠷᠠᠵᠤ ᠪᠠᠢᠪᠠ︖
3 ᠮᠡᠷᠭᠡᠨ ᠪᠤᠰᠤ ᠨᠢᠭᠡᠨ ᠳᠦ ᠴᠢ ᠶᠠᠭᠤ ᠭᠡᠵᠦ ᠵᠥᠪᠯᠡᠵᠦ ᠪᠠᠢᠪᠠ︖ ᠶᠠᠮᠠᠷ ᠪᠢᠯᠢᠭ ᠤᠬᠠᠭᠠᠨ ᠢ ᠴᠢ ᠥᠭᠭᠢᠶᠡᠮᠦᠷ ᠢᠶᠡᠷ ᠮᠡᠳᠡᠭᠦᠯᠵᠦ ᠪᠠᠢᠪᠠ︖
4 ᠬᠡᠨ ᠦ ᠳᠡᠮᠵᠢᠯᠭᠡ ᠪᠡᠷ ᠴᠢ ᠦᠭᠡ ᠬᠡᠯᠡᠪᠡ︖ ᠬᠡᠨ ᠦ ᠠᠮᠢᠰᠬᠤᠯ ᠠᠮᠠᠨ ᠠᠴᠠ ᠴᠢᠨᠢ ᠭᠠᠷᠪᠠ︖

5 ᠤᠰᠤᠨ ᠤ ᠳᠣᠣᠷᠠᠬᠢ ᠦᠬᠦᠭᠰᠡᠳ ᠦᠨ ᠰᠦᠨᠡᠰᠦ ᠨᠦᠭᠦᠳ ᠲᠡᠨᠳᠡ ᠠᠮᠢᠳᠤᠷᠠᠭᠰᠠᠳ ᠲᠠᠢ ᠬᠠᠮᠲᠤ ᠴᠡᠴᠡᠷᠡᠳᠡᠭ᠂
6 ᠪᠤᠷᠬᠠᠨ ᠤ ᠡᠮᠦᠨ᠎ᠡ ᠦᠬᠦᠭᠰᠡᠳ ᠦᠨ ᠣᠷᠣᠨ ᠨᠢᠴᠦᠭᠦᠨ ᠰᠦᠢᠷᠡᠯ ᠦᠨ ᠭᠠᠵᠠᠷ ᠴᠤ ᠬᠠᠯᠬᠠᠪᠴᠢ ᠦᠭᠡᠢ᠂
7 ᠪᠤᠷᠬᠠᠨ ᠬᠣᠭᠣᠰᠣᠨ ᠳᠡᠭᠡᠷ᠎ᠡ ᠤᠮᠠᠷᠠᠲᠤ ᠲᠩᠷᠢ ᠶᠢ ᠳᠡᠯᠭᠡᠵᠦ ᠶᠠᠭᠤ ᠴᠤ ᠦᠭᠡᠢ ᠶᠢᠨ ᠳᠡᠭᠡᠷ᠎ᠡ ᠭᠠᠵᠠᠷ ᠢ ᠡᠯᠭᠦᠭᠰᠡᠨ᠂
8 ᠲᠡᠷᠡ ᠡᠭᠦᠯᠡᠰ ᠢᠶᠡᠷ ᠢᠶᠠᠨ ᠤᠰᠤ ᠶᠢ ᠪᠣᠭᠣᠳᠠᠭ ᠠᠲᠠᠯ᠎ᠠ ᠡᠭᠦᠯᠡᠰ ᠤᠰᠤᠨ ᠠᠴᠠ ᠪᠣᠯᠵᠤ ᠵᠠᠳᠠᠷᠠᠳᠠᠭ ᠦᠭᠡᠢ᠂
9 ᠲᠡᠷᠡ ᠡᠭᠦᠯᠡᠰ ᠢᠶᠡᠨ ᠳᠡᠯᠭᠡᠵᠦ ᠰᠡᠨᠲᠢ ᠶᠢᠨ ᠢᠶᠠᠨ ᠨᠢᠭᠤᠷ ᠲᠠᠯ᠎ᠠ ᠶᠢ 9 ᠬᠠᠯᠬᠠᠯᠠᠳᠠᠭ᠂
10 ᠭᠡᠷᠡᠯ ᠬᠢᠭᠡᠳ ᠬᠠᠷᠠᠩ᠋ᠭᠤᠢ ᠶᠢᠨ ᠵᠠᠭᠠᠭ ᠢ ᠳᠠᠯᠠᠢ ᠶᠢᠨ ᠲᠦᠪᠰᠢᠨ ᠢᠶᠠᠷ ᠲᠣᠭᠲᠠᠭᠠᠭᠰᠠᠨ᠂
11 ᠲᠡᠷᠡ ᠵᠢᠮᠡᠯᠡᠬᠦ ᠳᠦ ᠲᠩᠷᠢ ᠶᠢᠨ ᠪᠠᠭᠠᠨ᠎ᠠ ᠭᠠᠩ᠋ᠬᠤᠵᠤ᠂ ᠭᠠᠢᠬᠠᠵᠠᠭᠠᠳᠠᠭ᠃
12 ᠲᠡᠷᠡ ᠥᠪᠡᠷ ᠦᠨ ᠢᠶᠠᠨ ᠬᠦᠴᠦ ᠪᠡᠷ ᠳᠠᠯᠠᠢ ᠶᠢ ᠨᠣᠮᠣᠬᠠᠷᠠᠭᠤᠯᠤᠭᠰᠠᠨ ᠥᠪᠡᠷ ᠦᠨ ᠢᠶᠠᠨ ᠮᠡᠷᠭᠡᠨ ᠤᠬᠠᠭᠠᠨ ᠢᠶᠠᠷ ᠷᠠᠬᠠᠪ ᠢ ᠪᠤᠲᠠ ᠴᠣᠬᠢᠭᠰᠠᠨ
13 ᠥᠪᠡᠷ ᠦᠨ ᠢᠶᠠᠨ ᠠᠮᠢᠰᠬᠤᠯ ᠢᠶᠠᠷ ᠲᠩᠷᠢ ᠶᠢ ᠴᠡᠯᠮᠡᠭ ᠪᠣᠯᠭᠠᠵᠤ ᠥᠪᠡᠷ ᠦᠨ ᠢᠶᠠᠨ ᠮᠤᠲᠤᠷ ᠢᠶᠠᠷ ᠪᠤᠯᠲᠠᠮᠠᠬᠠᠢ ᠮᠣᠭᠠᠢ ᠶᠢ ᠴᠣᠭᠣ ᠬᠠᠳᠬᠤᠵᠠᠢ᠂
14 ᠬᠠᠷᠠ᠂ ᠡᠳᠡᠭᠡᠷ ᠨᠢ ᠵᠥᠪᠬᠡᠨ ᠲᠡᠭᠦᠨ ᠦ ᠦᠢᠯᠡ ᠡᠴᠡ ᠥᠴᠦᠬᠡᠨ ᠨᠢ ᠶᠤᠮ ᠲᠡᠭᠦᠨ ᠦ ᠲᠠᠯ᠎ᠠ ᠪᠠᠷ ᠪᠢᠳᠡᠨ ᠦ ᠰᠣᠨᠣᠰᠳᠠᠭ ᠨᠢ ᠴᠤ ᠬᠡᠴᠢᠨᠡᠨ ᠪᠠᠭᠠᠬᠠᠨ ᠪᠤᠢ︖ ᠲᠡᠭᠦᠨ ᠦ ᠬᠦᠴᠦᠲᠦ ᠨᠦᠷᠬᠢᠶᠡᠨ ᠢ ᠬᠡᠨ ᠤᠬᠠᠭᠠᠷᠠᠵᠤ ᠴᠢᠳᠠᠬᠤ ᠪᠤᠢ︖》 ᠭᠡᠪᠡ᠃