1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠭᠤᠴᠢᠨ ᠬᠣᠶᠠᠷ
 ᠡᠯᠢᠾᠦ᠋ ᠶᠢᠨ ᠠᠭᠤᠷ ᠲᠠᠢ ᠶᠠᠷᠢᠶ᠎ᠠ

1 ᠶᠣᠪ ᠥᠪᠡᠷ ᠢ ᠪᠠᠨ ᠵᠥᠪᠲᠦ ᠭᠡᠵᠦ ᠦᠵᠡᠳᠡᠭ ᠲᠤᠯᠠ ᠨᠥᠭᠥᠭᠡ ᠭᠤᠷᠪᠠᠨ ᠬᠥᠮᠦᠨ ᠲᠡᠭᠦᠨ ᠳᠦ ᠬᠠᠷᠢᠭᠤ ᠬᠡᠯᠡᠬᠦ ᠪᠡᠨ ᠪᠣᠯᠢᠵᠠᠢ᠃ 2 ᠷᠠᠮ ᠤᠨ ᠠᠢᠮᠠᠭ ᠤᠨ ᠪᠦᠽ ᠬᠥᠮᠦᠨ ᠪᠠᠷᠠᠾᠧᠯ ᠤᠨ ᠬᠦᠦ ᠡᠯᠢᠾᠦ᠋ ᠶᠣᠪ ᠲᠤ ᠠᠭᠤᠷᠯᠠᠪᠠ᠃ ᠤᠴᠢᠷ ᠨᠢ ᠶᠣᠪ ᠪᠤᠷᠬᠠᠨ ᠢ ᠵᠥᠪ ᠭᠡᠬᠦ ᠡᠴᠡ ᠢᠯᠡᠭᠦᠦ ᠪᠡᠷ ᠥᠪᠡᠷ ᠢ ᠪᠠᠨ ᠵᠥᠪ ᠭᠡᠵᠦ ᠪᠠᠢᠯ᠎ᠠ᠃ 3 ᠡᠯᠢᠾᠦ᠋ ᠶᠣᠪ ᠤᠨ ᠭᠤᠷᠪᠠᠨ ᠨᠠᠢᠵᠢ ᠳᠤ ᠴᠤ ᠠᠭᠤᠷᠯᠠᠪᠠ᠃ ᠤᠴᠢᠷ ᠨᠢ ᠲᠡᠳᠡ ᠨᠢᠴᠤᠭᠠᠬᠤ ᠦᠭᠡ ᠣᠯᠣᠯ ᠦᠭᠡᠢ ᠪᠠᠷ ᠶᠣᠪ ᠢ ᠪᠤᠷᠤᠭᠤᠳᠬᠠᠵᠤ ᠪᠠᠢᠯ᠎ᠠ᠃ 4 ᠲᠡᠳᠡ ᠥᠪᠡᠷ ᠡᠴᠡ ᠨᠢ ᠨᠠᠰᠤ ᠪᠠᠷ ᠠᠬ᠎ᠠ ᠪᠣᠯᠬᠣᠷ ᠡᠯᠢᠾᠦ᠋ ᠶᠣᠪ ᠲᠠᠢ ᠶᠠᠷᠢᠯᠴᠠᠬᠤ ᠪᠠᠷ ᠬᠦᠯᠢᠶᠡᠵᠦ ᠪᠠᠢᠭᠰᠠᠨ ᠢᠶᠠᠨ 5 ᠨᠥᠭᠥᠭᠡ ᠭᠤᠷᠪᠠᠨ ᠬᠥᠮᠦᠨ ᠦ ᠠᠮᠠᠨ ᠳᠤ ᠬᠠᠷᠢᠭᠤ ᠪᠠᠢᠬᠤ ᠦᠭᠡᠢ ᠶᠢ ᠬᠠᠷᠠᠭᠠᠳ ᠠᠭᠤᠷ ᠨᠢ ᠰᠢᠲᠠᠵᠠᠢ᠃

6 ᠪᠦᠽ ᠬᠥᠮᠦᠨ ᠪᠠᠷᠠᠾᠧᠯ ᠤᠨ ᠬᠦᠦ ᠡᠯᠢᠾᠦ᠋ ᠥᠭᠦᠯᠡᠷᠦᠨ᠄ 《ᠪᠢ ᠵᠠᠯᠠᠭᠤ᠂ ᠲᠠ ᠨᠠᠷ ᠠᠬᠠᠮᠠᠳ ᠲᠡᠢᠮᠦ ᠡᠴᠡ ᠪᠢ ᠡᠷᠡᠭᠡᠯᠵᠡᠵᠦ᠂ ᠪᠣᠳᠣᠯ ᠢᠶᠠᠨ ᠲᠠ ᠨᠠᠷ ᠲᠤ ᠬᠡᠯᠡᠬᠦ ᠡᠴᠡ ᠵᠢᠷᠦᠬᠡᠰᠢᠶᠡᠵᠦ ᠪᠠᠢᠭᠰᠠᠨ᠂
7 ᠤᠭ ᠨᠢ ᠪᠢ ᠡᠳᠦᠷ ᠤᠳ ᠦᠭᠡ ᠬᠡᠯᠡᠨ᠎ᠡ ᠣᠨ ᠵᠢᠯ ᠤᠳ ᠮᠡᠷᠭᠡᠨ ᠤᠬᠠᠭᠠᠨ ᠢ ᠮᠡᠳᠡᠭᠦᠯᠦᠨ᠎ᠡ ᠭᠡᠵᠦ ᠪᠣᠳᠣᠭᠰᠠᠨ᠂
8 ᠬᠠᠷᠢᠨ ᠤᠬᠠᠭᠠᠷᠠᠯ ᠢ ᠥᠭᠭᠥᠭᠴᠢ ᠨᠢ ᠬᠥᠮᠦᠨ ᠦ ᠳᠣᠲᠣᠷᠠᠬᠢ ᠰᠦᠨᠡᠰᠦ ᠲᠡᠭᠦᠰ ᠬᠦᠴᠦᠲᠡᠨ ᠦ ᠠᠮᠢᠰᠬᠤᠯ ᠪᠠᠢᠨ᠎ᠠ᠂
9 ᠥᠨᠳᠥᠷ ᠨᠠᠰᠤ ᠲᠠᠢ ᠭᠡᠳ ᠮᠡᠷᠭᠡᠨ ᠪᠠᠢᠳᠠᠭ ᠪᠢᠰᠢ ᠥᠲᠡᠯᠦᠭᠡ ᠪᠣᠯᠣᠭᠰᠠᠨ ᠭᠡᠳ ᠵᠥᠪ ᠢ ᠮᠡᠳᠡᠳᠡᠭ ᠪᠢᠰᠢ ᠶᠤᠮ᠂
10 ᠡᠢᠮᠦ ᠡᠴᠡ ᠪᠢ ᠦᠭᠡ ᠶᠠᠷᠢᠶ᠎ᠠ ᠮᠢᠨᠦᠬᠢ ᠶᠢ ᠰᠣᠨᠣᠰ᠂ ᠪᠢ ᠴᠤ ᠰᠠᠨᠠᠯ ᠢᠶᠠᠨ ᠬᠡᠯᠡᠶ᠎ᠡ᠃

11 ᠬᠠᠷᠠ᠂ ᠲᠠ ᠨᠠᠷ ᠶᠠᠷᠢᠬᠤ ᠳᠤ ᠪᠢ ᠬᠦᠯᠢᠶᠡᠵᠦ ᠪᠠᠢᠭᠰᠠᠨ ᠤᠴᠢᠷᠯᠠᠯ ᠢ ᠲᠠᠨᠢ ᠰᠣᠨᠣᠰᠴᠤ ᠪᠠᠢᠭᠰᠠᠨ ᠲᠠ ᠨᠠᠷ ᠦᠭᠡ ᠬᠠᠢᠵᠤ ᠪᠠᠢᠬᠤ ᠳᠤ
12 ᠪᠢ ᠠᠩ᠋ᠬᠠᠷᠤᠯ ᠲᠠᠯᠪᠢᠵᠤ ᠪᠠᠢᠭᠰᠠᠨ᠂ ᠭᠡᠪᠡᠴᠦ ᠶᠣᠪ ᠢ ᠨᠢᠴᠤᠭᠠᠬᠤ ᠦᠭᠡᠨ ᠳᠦᠨᠢ ᠬᠠᠷᠢᠭᠤᠯᠵᠤ ᠴᠢᠳᠠᠬᠤ ᠬᠥᠮᠦᠨ ᠲᠠ ᠨᠠᠷ ᠤᠨ ᠳᠤᠮᠳᠠ ᠠᠯᠠᠭ᠎ᠠ ᠪᠠᠢᠨ᠎ᠠ᠂
13 ᠲᠠ ᠨᠠᠷ᠄ 〈ᠮᠡᠷᠭᠡᠨ ᠤᠬᠠᠭᠠᠨ ᠢ ᠣᠯᠣᠯ᠎ᠠ ᠬᠥᠮᠦᠨ ᠪᠢᠰᠢ᠂ ᠪᠤᠷᠬᠠᠨ ᠲᠡᠭᠦᠨ ᠢ ᠨᠢᠴᠤᠭᠠᠭ〉 ᠭᠡᠵᠦ ᠪᠦᠦ ᠬᠡᠯᠡ᠂
14 ᠶᠣᠪ ᠦᠭᠡ ᠪᠡᠨ ᠨᠠᠳᠠ ᠳᠤ ᠴᠢᠭᠯᠡᠭᠦᠯᠦᠭᠰᠡᠨ ᠪᠢᠰᠢ ᠤᠴᠢᠷ ᠠᠴᠠ ᠪᠢ ᠲᠡᠭᠦᠨ ᠳᠦ ᠲᠠ ᠨᠠᠷ ᠤᠨ ᠶᠠᠷᠢᠶ᠎ᠠ ᠪᠠᠷ ᠬᠠᠷᠢᠭᠤᠯᠬᠤ ᠦᠭᠡᠢ᠃
15 ᠲᠡᠳᠡ ᠪᠠᠯᠠᠮᠠᠭᠳᠠᠵᠤ᠂ ᠬᠠᠷᠢᠭᠤᠯᠬᠤ ᠪᠠᠨ ᠪᠣᠯᠢᠪᠠ ᠬᠡᠯᠡᠬᠦ ᠦᠭᠡᠰ ᠨᠢ ᠪᠠᠷᠠᠭᠳᠠᠵᠠᠢ᠂
16 ᠲᠡᠳᠡ ᠶᠠᠷᠢᠬᠤ ᠦᠭᠡᠢ᠂ ᠲᠡᠨᠳᠡ ᠪᠡᠨ ᠵᠣᠭᠰᠣᠭᠠᠳ ᠬᠠᠷᠢᠭᠤᠯᠬᠤ ᠪᠠᠨ ᠪᠣᠯᠢᠵᠠᠢ ᠪᠢ ᠬᠦᠯᠢᠶᠡᠬᠦ ᠶᠣᠰᠣᠲᠠᠢ ᠭᠡᠵᠢ ᠤᠤ︖
17 ᠪᠠᠢᠵᠠ᠂ ᠪᠢ ᠪᠠᠰᠠ ᠦᠭᠡ ᠪᠡᠨ ᠬᠡᠯᠡᠶ᠎ᠡ ᠪᠢ ᠴᠤ ᠰᠠᠨᠠᠭ᠎ᠠ ᠪᠠᠨ ᠮᠡᠳᠡᠭᠦᠯᠦᠶ᠎ᠡ᠂
18 ᠬᠡᠯᠡᠬᠦ ᠦᠭᠡ ᠪᠡᠷ ᠪᠢ ᠳᠦᠭᠦᠷᠡᠩ ᠪᠠᠢᠨ᠎ᠠ ᠬᠡᠪᠡᠯᠢ ᠳᠣᠲᠣᠷᠠᠬᠢ ᠰᠦᠨᠡᠰᠦ ᠮᠢᠨᠢ ᠨᠠᠮᠠᠶᠢ ᠠᠯᠪᠠᠳᠠᠵᠤ ᠪᠠᠢᠨ᠎ᠠ
19 ᠬᠠᠷᠠ᠂ ᠵᠢᠷᠦᠬᠡ ᠮᠢᠨᠢ ᠲᠠᠭᠯᠠᠭ᠎ᠠ ᠲᠠᠢ ᠳᠠᠷᠠᠰᠤ ᠢᠵᠠᠷᠠᠬᠤ ᠭᠡᠵᠦ ᠪᠤᠢ ᠰᠢᠨ᠎ᠡ ᠲᠤᠯᠤᠮ ᠮᠡᠲᠦ ᠪᠠᠢᠨ᠎ᠠ᠂
20 ᠠᠮᠠᠷᠠᠯ ᠣᠯᠬᠤ ᠶᠢᠨ ᠲᠤᠯᠠᠳᠠ ᠪᠢ ᠬᠡᠯᠡᠬᠦ ᠶᠣᠰᠣᠲᠠᠢ ᠠᠮᠠ ᠪᠠᠨ ᠨᠡᠭᠡᠭᠡᠨ ᠬᠠᠷᠢᠭᠤᠯᠬᠤ ᠶᠣᠰᠣᠲᠠᠢ᠂
21 ᠬᠠᠷᠢᠨ ᠪᠢ ᠬᠡᠨ ᠦ ᠴᠤ ᠲᠠᠯ᠎ᠠ ᠳᠤ ᠣᠷᠣᠬᠤ ᠦᠭᠡᠢ ᠬᠥᠮᠦᠨ ᠳᠦ ᠴᠤ ᠲᠠᠯ᠎ᠠ ᠵᠠᠰᠠᠬᠤ ᠦᠭᠡᠢ᠂
22 ᠲᠠᠯ᠎ᠠ ᠵᠠᠰᠠᠬᠤ ᠶᠤᠮ ᠪᠣᠯ᠂ ᠪᠦᠲᠦᠭᠡᠭᠴᠢ ᠮᠢᠨᠢ ᠮᠥᠳᠬᠡᠨ ᠨᠠᠮᠠᠶᠢ ᠠᠪᠠᠴᠢᠬᠤ ᠪᠤᠢ᠃