ᠶᠣᠪ ᠭᠤᠴᠢ
1 ᠭᠡᠲᠡᠯ᠎ᠡ ᠣᠳᠣ ᠨᠠᠳᠠ ᠠᠴᠠ ᠵᠠᠯᠠᠭᠤ ᠨᠢ ᠨᠠᠮᠠᠶᠢ ᠱᠣᠣᠯᠠᠵᠤ ᠪᠠᠢᠨ᠎ᠠ᠂ ᠲᠡᠳᠡᠨ ᠦ ᠡᠴᠢᠭᠡ ᠨᠦᠭᠦᠳ ᠢ ᠪᠢ ᠪᠠᠰᠤᠨ ᠬᠣᠨᠢᠴᠢ ᠨᠣᠬᠠᠳ ᠤᠨ ᠲᠡᠳᠦᠢ ᠳᠦ ᠦᠵᠡᠳᠡᠭ ᠦᠭᠡᠢ ᠪᠠᠢᠯ᠎ᠠ᠂
2 ᠲᠡᠳᠡᠨ ᠦ ᠲᠡᠩᠬᠡᠭᠡ ᠲᠠᠰᠤᠷᠠᠭᠰᠠᠨ ᠭᠠᠷ ᠤᠨ ᠬᠢᠨᠢ ᠬᠦᠴᠦ ᠨᠠᠳᠠ ᠳᠤ ᠶᠠᠮᠠᠷ ᠠᠰᠢᠭ ᠪᠠᠢᠬᠤ ᠰᠠᠨ ᠪᠢᠯᠡ︖
3 ᠶᠠᠳᠠᠭᠤᠷᠠᠯ ᠥᠯᠥᠰᠬᠥᠯᠡᠩ ᠡᠴᠡ ᠪᠣᠯᠵᠤ ᠲᠡᠳᠡ ᠡᠵᠡᠭᠦᠢ ᠵᠡᠯᠢᠭᠦᠳ ᠬᠠᠭᠤᠷᠠᠢ ᠭᠠᠵᠠᠷ ᠲᠤ ᠰᠥᠨᠢᠵᠢᠨ ᠲᠡᠨᠦᠭᠰᠡᠭᠡᠷ
4 ᠪᠤᠲᠠᠨ ᠤ ᠳᠤᠮᠳᠠ ᠠᠴᠠ ᠭᠠᠰᠢᠭᠤᠨ ᠨᠣᠭᠣᠭ᠎ᠠ ᠲᠡᠭᠦᠵᠦ ᠠᠷᠴᠠ ᠮᠣᠳᠣᠨ ᠤ ᠦᠨᠳᠦᠰᠦ ᠪᠡᠷ ᠬᠣᠭᠣᠯᠠᠯᠠᠳᠠᠭ ᠪᠠᠢᠭᠰᠠᠨ᠂
5 ᠬᠥᠮᠦᠰ ᠠᠷᠤ ᠠᠴᠠ ᠨᠢ ᠬᠠᠰᠬᠢᠷᠴᠤ ᠬᠤᠯᠠᠭᠠᠢᠴᠢ ᠶᠢ ᠬᠥᠭᠡᠭᠡᠬᠦ ᠮᠡᠲᠦ ᠲᠡᠳᠡᠨ ᠢ ᠳᠤᠮᠳᠠ ᠠᠴᠠ ᠪᠠᠨ ᠬᠥᠭᠡᠭᠡᠵᠦ ᠪᠠᠢᠭᠰᠠᠨ᠂
6 ᠲᠡᠳᠡ ᠬᠥᠨᠳᠡᠢ ᠶᠢᠨ ᠬᠠᠵᠠᠭᠤ ᠬᠠᠪᠴᠢᠯ ᠳᠤ ᠬᠥᠷᠥᠰᠥᠨ ᠳᠣᠣᠷᠠᠬᠢ ᠨᠦᠬᠡ ᠪᠤᠶᠤ ᠬᠠᠳᠠᠨ ᠤ ᠳᠤᠮᠳᠠ ᠠᠮᠢᠳᠤᠷᠠᠳᠠᠭ᠂
7 ᠲᠡᠳᠡ ᠪᠣᠯ ᠥᠷᠭᠡᠰᠦᠲᠦ ᠮᠣᠳᠣᠨ ᠤ ᠳᠣᠣᠷ᠎ᠠ ᠪᠥᠭᠡᠮᠨᠡᠷᠡᠵᠦ ᠪᠤᠲᠠ ᠰᠥᠭᠡᠭ ᠦᠨ ᠳᠤᠮᠳᠠ ᠪᠠᠷᠬᠢᠷᠠᠳᠠᠭ
8 ᠪᠦᠳᠦᠭᠦᠯᠢᠭ᠂ ᠨᠡᠷ᠎ᠡ ᠬᠦᠨᠳᠦ ᠦᠭᠡᠢ ᠬᠥᠮᠦᠰ ᠦᠨ ᠦᠷ᠎ᠡ ᠶᠤᠮ᠂ ᠲᠡᠳᠡ ᠲᠥᠷᠥᠭᠰᠡᠨ ᠨᠤᠲᠤᠭ ᠠᠴᠠ ᠪᠠᠨ ᠲᠠᠰᠢᠭᠤᠷᠳᠠᠭᠤᠯᠤᠨ ᠬᠥᠭᠡᠭᠡᠭᠳᠡᠭᠰᠡᠨ ᠪᠢᠯᠡ᠃
9 ᠡᠳᠦᠭᠡ ᠪᠢ ᠲᠡᠳᠡᠨ ᠦ ᠱᠣᠣᠯᠠᠬᠤ ᠳᠠᠭᠤᠤ ᠲᠡᠳᠡᠨ ᠦ ᠠᠮᠠᠨ ᠤ ᠵᠤᠭ᠎ᠠ ᠪᠣᠯᠵᠠᠢ᠂
10 ᠲᠡᠳᠡ ᠨᠠᠮᠠᠶᠢ ᠵᠢᠪᠡᠭᠦᠴᠡᠨ᠂ ᠨᠠᠮᠠᠶᠢ ᠵᠠᠢᠯᠠᠭᠤᠯᠵᠤ ᠲᠠᠲᠠᠭᠠᠯᠵᠠᠯ ᠦᠭᠡᠢ ᠨᠢᠭᠤᠷ ᠤᠷᠤᠭᠤ ᠮᠢᠨᠢ ᠨᠢᠯᠪᠤᠨᠠ᠂
11 ᠪᠤᠷᠬᠠᠨ ᠨᠤᠮᠤ ᠶᠢᠨ ᠬᠥᠪᠴᠢ ᠶᠢ ᠮᠢᠨᠢ ᠰᠤᠯᠠᠷᠠᠭᠤᠯᠵᠤ ᠨᠠᠮᠠᠶᠢ ᠵᠣᠪᠠᠭᠠᠭᠰᠠᠨ ᠳᠤ ᠲᠡᠳᠡ ᠮᠢᠨᠦ ᠡᠮᠦᠨ᠎ᠡ ᠵᠢᠯᠣᠭᠣ ᠪᠠᠨ ᠬᠠᠶᠠᠵᠠᠢ᠂
12 ᠡᠳᠡᠭᠡᠷ ᠡᠲᠡᠭᠡᠳ ᠮᠢᠨᠦ ᠪᠠᠷᠠᠭᠤᠨ ᠲᠠᠯ᠎ᠠ ᠳᠤ ᠪᠣᠰᠴᠠᠭᠠᠵᠤ ᠨᠠᠮᠠᠶᠢ ᠬᠥᠯ ᠢᠶᠡᠷ ᠢᠶᠠᠨ ᠳᠡᠭᠡᠭᠡᠯᠡᠭᠰᠡᠨ᠂ ᠲᠡᠢᠨ ᠬᠦ ᠲᠡᠳᠡ ᠮᠢᠨᠦ ᠡᠮᠦᠨ᠎ᠡ ᠰᠦᠢᠷᠡᠯ ᠦᠨ ᠵᠠᠮ ᠢᠶᠠᠨ ᠪᠣᠰᠬᠠᠵᠤ
13 ᠮᠢᠨᠦ ᠵᠠᠮ ᠢ ᠨᠤᠷᠠᠭᠠᠭᠰᠠᠨ᠂ ᠲᠡᠳᠡ ᠵᠣᠪᠠᠯᠠᠩ ᠢ ᠮᠢᠨᠢ ᠬᠦᠨᠳᠦᠷᠡᠭᠦᠯᠦᠭᠰᠡᠨ ᠴᠤ ᠬᠡᠨ ᠴᠤ ᠬᠣᠷᠢᠭᠯᠠᠬᠤ ᠦᠭᠡᠢ ᠪᠠᠢᠨ᠎ᠠ᠂
14 ᠲᠡᠳᠡ ᠶᠡᠬᠡᠪᠡᠷ ᠡᠪᠳᠡᠯᠭᠡ ᠬᠢᠵᠦ ᠨᠤᠷᠠᠩᠬᠢ ᠳᠤᠮᠳᠠᠭᠤᠷ ᠬᠤᠢᠯᠠᠷᠠᠨ ᠢᠷᠡᠵᠦ ᠪᠠᠢᠨ᠎ᠠ᠂
15 ᠠᠶᠤᠯ ᠨᠠᠳᠠ ᠤᠷᠤᠭᠤ ᠡᠷᠭᠢᠵᠡᠢ ᠠᠯᠳᠠᠷ ᠮᠢᠨᠢ ᠰᠠᠯᠬᠢ ᠮᠡᠲᠦ ᠬᠥᠭᠡᠭᠡᠭᠳᠡᠵᠡᠢ ᠠᠵᠠ ᠵᠢᠷᠭᠠᠯ ᠮᠢᠨᠢ ᠡᠭᠦᠯᠡ ᠮᠡᠲᠦ ᠠᠷᠢᠯᠵᠠᠢ᠃
16 ᠠᠮᠢ ᠮᠢᠨᠢ ᠠᠰᠬᠠᠭᠳᠠᠵᠤ ᠪᠠᠢᠨ᠎ᠠ᠂ ᠵᠣᠪᠠᠯᠠᠩᠲᠤ ᠡᠳᠦᠷ ᠤᠳ ᠨᠠᠳᠠ ᠠᠴᠠ ᠵᠢᠭᠤᠷᠠᠵᠤ ᠪᠠᠢᠨ᠎ᠠ᠂
17 ᠶᠠᠰᠤ ᠮᠢᠨᠢ ᠰᠥᠨᠢ ᠪᠠᠷ ᠬᠠᠳᠬᠤᠯᠠᠳᠠᠭ ᠶᠠᠩᠭᠢᠨᠠᠬᠤ ᠡᠪᠡᠳᠴᠢᠨ ᠮᠢᠨᠢ ᠨᠠᠮᠳᠠᠬᠤ ᠦᠭᠡᠢ ᠪᠠᠢᠨ᠎ᠠ᠂
18 ᠲᠡᠷᠡ ᠬᠤᠪᠴᠠᠰᠤ ᠶᠢ ᠮᠢᠨᠢ ᠶᠡᠬᠡ ᠬᠦᠴᠦ ᠪᠡᠷ ᠪᠠᠵᠠᠨ ᠳᠡᠪᠡᠯ ᠦᠨ ᠮᠢᠨᠢ ᠵᠠᠬ᠎ᠠ ᠠᠴᠠ ᠴᠢᠩᠭ᠍᠎ᠠ ᠵᠢᠭᠤᠷᠠᠨ
19 ᠨᠠᠮᠠᠶᠢ ᠰᠢᠪᠠᠷ ᠲᠤ ᠬᠠᠶᠠᠭᠰᠠᠨ ᠳᠤ ᠪᠢ ᠦᠨᠡᠰᠦ ᠰᠢᠷᠣᠢ ᠰᠢᠭ᠋ ᠪᠣᠯᠪᠠ᠃
20 ᠪᠢ ᠲᠠᠨ ᠤᠷᠤᠭᠤ ᠬᠠᠰᠬᠢᠷᠳᠠᠭ ᠪᠣᠯᠪᠠᠴᠤ ᠲᠠ ᠬᠠᠷᠢᠭᠤᠯᠬᠤ ᠦᠭᠡᠢ ᠪᠠᠢᠨ᠎ᠠ ᠪᠢ ᠵᠣᠭᠰᠣᠭᠰᠠᠭᠠᠷ ᠪᠣᠯᠪᠠᠴᠤ ᠲᠠ ᠨᠠᠮᠠᠶᠢ ᠵᠦᠭᠡᠷ ᠬᠠᠷᠠᠭᠰᠠᠭᠠᠷ ᠯᠠ ᠪᠠᠢᠨ᠎ᠠ᠂
21 ᠲᠠ ᠨᠠᠳᠠ ᠳᠤ ᠬᠠᠷᠭᠢᠰ ᠬᠠᠨᠳᠤᠳᠠᠭ ᠪᠣᠯᠵᠤ ᠨᠠᠮᠠᠶᠢ ᠬᠦᠴᠦᠲᠦ ᠮᠤᠲᠤᠷ ᠢᠶᠠᠷ ᠢᠶᠠᠨ ᠬᠠᠪᠴᠢᠵᠤ ᠪᠠᠢᠨ᠎ᠠ᠂
22 ᠲᠠ ᠨᠠᠮᠠᠶᠢ ᠰᠠᠯᠬᠢᠨ ᠳᠡᠭᠡᠷ᠎ᠡ ᠲᠠᠯᠪᠢᠨ ᠬᠡᠶᠢᠰᠭᠡᠵᠦ ᠰᠢᠭᠤᠷᠭᠠᠨ ᠳᠣᠲᠣᠷ᠎ᠠ ᠠᠭᠤᠰᠬᠠᠵᠤ ᠪᠠᠢᠨ᠎ᠠ᠂
23 ᠲᠡᠢᠨ ᠬᠦ ᠲᠠ ᠨᠠᠮᠠᠶᠢ ᠦᠬᠦᠯ ᠤᠷᠤᠭᠤ ᠠᠮᠢᠳᠤ ᠪᠦᠬᠦᠨ ᠳᠦ ᠵᠠᠶᠠᠭᠠᠭᠳᠠᠭᠰᠠᠨ ᠭᠡᠷ ᠤᠷᠤᠭᠤ ᠠᠪᠠᠴᠢᠬᠤ ᠶᠢ ᠪᠢ ᠮᠡᠳᠡᠨ᠎ᠡ᠃
24 ᠬᠥᠮᠦᠨ ᠪᠡᠷᠬᠡ ᠶᠢᠨ ᠳᠤᠮᠳᠠ ᠪᠠᠨ ᠬᠠᠰᠬᠢᠷᠤᠭᠰᠠᠨ ᠴᠤ ᠪᠠᠯᠭᠠᠰᠤ ᠳᠤᠮᠳᠠᠬᠢ ᠲᠡᠭᠦᠨ ᠳᠦ ᠭᠠᠷ ᠰᠤᠩ᠋ᠭᠠᠭᠴᠢ ᠨᠢ ᠠᠯᠠᠭ᠎ᠠ᠂
25 ᠬᠠᠷᠢᠨ ᠬᠠᠲᠠᠭᠤ ᠡᠳᠦᠷ ᠲᠣᠬᠢᠶᠠᠯᠳᠤᠭᠰᠠᠨ ᠨᠢᠭᠡᠨ ᠦ ᠲᠥᠯᠥᠭᠡ ᠪᠢ ᠤᠬᠢᠯᠠᠵᠤ ᠪᠠᠢᠭ᠎ᠠ ᠦᠭᠡᠢ ᠭᠡᠵᠢ ᠤᠤ︖ ᠭᠠᠴᠢᠭᠳᠠᠭᠰᠠᠳ ᠤᠨ ᠠᠷᠤ ᠠᠴᠠ ᠰᠡᠳᠬᠢᠯ ᠮᠢᠨᠢ ᠡᠪᠡᠳᠴᠦ ᠪᠠᠢᠭ᠎ᠠ ᠦᠭᠡᠢ ᠭᠡᠵᠢ ᠤᠤ︖
26 ᠰᠠᠢᠨ ᠢ ᠬᠦᠯᠢᠶᠡᠵᠦ ᠪᠠᠢᠬᠤ ᠳᠤ ᠮᠢᠨᠢ ᠰᠠᠭᠠᠷ ᠢᠷᠡᠵᠡᠢ ᠭᠡᠷᠡᠯ ᠢ ᠬᠦᠰᠡᠵᠦ ᠪᠠᠢᠬᠤ ᠳᠤ ᠮᠢᠨᠢ ᠬᠠᠷᠠᠩ᠋ᠭᠤᠢ ᠢᠷᠡᠵᠡᠢ᠂
27 ᠵᠢᠷᠦᠬᠡ ᠮᠢᠨᠢ ᠵᠣᠭᠰᠣᠯ ᠦᠭᠡᠢ ᠴᠣᠬᠢᠯᠠᠵᠤ ᠪᠠᠢᠨ᠎ᠠ ᠵᠣᠪᠠᠯᠠᠩ ᠤᠨ ᠡᠳᠦᠷ ᠤᠳ ᠨᠠᠳᠠ ᠳᠤ ᠤᠴᠠᠷᠠᠵᠠᠢ᠂
28 ᠨᠠᠷᠠᠨ ᠠᠴᠠ ᠪᠣᠯᠣᠭᠰᠠᠨ ᠪᠢᠰᠢ ᠴᠤ᠂ ᠠᠷᠠᠰᠤ ᠮᠢᠨᠢ ᠬᠠᠷᠠᠯᠠᠨ ᠶᠠᠪᠤᠵᠤ ᠪᠠᠢᠨ᠎ᠠ ᠴᠤᠭᠯᠠᠷᠠᠭᠰᠠᠨ ᠣᠯᠠᠨ ᠤ ᠳᠤᠮᠳᠠ ᠪᠣᠰᠴᠤ ᠲᠤᠰᠠᠯᠠᠮᠵᠢ ᠭᠤᠶᠤᠬᠤ ᠪᠣᠯᠵᠤ ᠪᠠᠢᠨ᠎ᠠ᠂
29 ᠪᠢ ᠴᠥᠭᠡᠪᠦᠷᠢ ᠴᠢᠨᠣ᠎ᠠ ᠶᠢᠨ ᠠᠬ᠎ᠠ ᠳᠡᠭᠦᠦ ᠲᠡᠮᠡᠭᠡᠨ ᠬᠢᠷᠭᠤᠤᠯ ᠤᠨ ᠠᠨᠳᠠ ᠪᠣᠯᠵᠠᠢ᠂
30 ᠠᠷᠠᠰᠤ ᠮᠢᠨᠢ ᠬᠠᠷᠠᠯᠠᠭᠠᠳ ᠬᠠᠭᠤᠷᠠᠵᠤ ᠶᠠᠰᠤ ᠮᠢᠨᠢ ᠬᠠᠯᠠᠭᠤ ᠰᠢᠲᠠᠵᠠᠢ᠂
31 ᠶᠠᠲᠤᠭ᠎ᠠ ᠮᠢᠨᠢ ᠭᠠᠰᠢᠭᠤᠳᠠᠯ ᠤᠨ ᠳᠠᠭᠤ ᠯᠢᠩᠪᠦ ᠮᠢᠨᠢ ᠤᠬᠢᠯᠠᠭᠠᠨ ᠪᠣᠯᠪᠠ᠃