1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠠᠷᠪᠠᠨ ᠬᠣᠶᠠᠷ
 ᠶᠣᠪ ᠤᠨ ᠬᠠᠷᠢᠭᠤ

1 ᠶᠣᠪ ᠬᠠᠷᠢᠭᠤᠯᠤᠨ᠄
2 《ᠲᠠ ᠨᠠᠷ ᠦᠨᠡᠬᠡᠷ ᠣᠨᠴᠠᠭᠠᠢ ᠬᠥᠮᠦᠰ ᠪᠠᠢᠨ᠎ᠠ ᠲᠠ ᠨᠠᠷ ᠦᠬᠦᠪᠡᠯ ᠮᠡᠷᠭᠡᠨ ᠤᠬᠠᠭᠠᠨ ᠴᠤ ᠦᠬᠦᠬᠦ ᠨᠢ ᠡ᠂
3 ᠨᠠᠳᠠ ᠳᠤ ᠪᠠᠰᠠ ᠲᠠ ᠨᠠᠷ ᠲᠠᠢ ᠠᠳᠠᠯᠢ ᠣᠶᠤᠨ ᠤᠬᠠᠭᠠᠨ ᠪᠤᠢ ᠲᠠ ᠨᠠᠷ ᠠᠴᠠ ᠳᠤᠲᠠᠬᠤ ᠶᠠᠭᠤᠮ᠎ᠠ ᠨᠠᠳᠠ ᠳᠤ ᠦᠭᠡᠢ ᠲᠡᠳᠡᠭᠡᠷ ᠢ ᠴᠢᠨᠢ ᠬᠡᠨ ᠮᠡᠳᠡᠳᠡᠭ ᠦᠭᠡᠢ ᠶᠤᠮ ᠪᠤᠢ︖
4 ᠪᠤᠷᠬᠠᠨ ᠢ ᠳᠠᠭᠤᠳᠠᠵᠤ᠂ ᠲᠡᠭᠦᠨ ᠡᠴᠡ ᠬᠠᠷᠢᠭᠤᠯᠲᠠ ᠠᠪᠳᠠᠭ ᠪᠢ ᠨᠠᠢᠵᠢ ᠨᠥᠬᠥᠳ ᠦᠨ ᠢᠶᠠᠨ ᠳᠣᠭᠣᠭᠢ ᠪᠣᠯᠵᠠᠢ᠂ ᠥ ᠦᠭᠡᠢ ᠵᠥᠪ ᠬᠥᠮᠦᠨ ᠳᠣᠭᠣᠭᠢ ᠪᠣᠯᠵᠠᠢ᠂
5 ᠬᠥᠯ ᠠᠯᠳᠠᠭᠴᠢ ᠳᠤ ᠣᠨᠣᠭᠳᠠᠭᠰᠠᠨ ᠭᠠᠢ ᠰᠠᠨᠠᠭ᠎ᠠ ᠠᠮᠤᠷ ᠨᠢᠭᠡᠨ ᠳᠦ ᠪᠠᠰᠤᠮᠵᠢᠯᠠᠯ ᠪᠣᠯᠵᠠᠢ᠂
6 ᠭᠡᠪᠡᠴᠦ ᠳᠡᠭᠡᠷᠡᠮᠴᠢᠳ ᠤᠨ ᠮᠠᠢᠬᠠᠨ ᠠᠮᠤᠷ ᠲᠠᠢᠪᠤᠩ ᠪᠠᠢᠵᠤ ᠪᠤᠷᠬᠠᠨ ᠢ ᠠᠭᠤᠷᠯᠠᠭᠤᠯᠤᠭᠴᠢᠳ᠂ ᠲᠡᠭᠦᠨ ᠢ ᠭᠠᠷ ᠲᠠᠭᠠᠨ ᠣᠷᠣᠭᠤᠯᠬᠤ ᠭᠡᠭᠴᠢᠳ ᠠᠶᠤᠯ ᠦᠭᠡᠢ ᠪᠠᠢᠨ᠎ᠠ᠃

7 ᠣᠳᠣ ᠠᠷᠢᠶᠠᠲᠠᠳ ᠠᠴᠠ ᠠᠰᠠᠭᠤ᠂ ᠲᠡᠳᠡ ᠵᠢᠭᠠᠵᠤ ᠥᠭᠭᠥᠨ᠎ᠡ ᠣᠭᠲᠠᠷᠭᠤᠢ ᠶᠢᠨ ᠰᠢᠪᠠᠭᠤᠳ ᠠᠴᠠ ᠠᠰᠠᠭᠤ᠂ ᠲᠡᠳᠡ ᠮᠡᠳᠡᠭᠦᠯᠦᠨ᠎ᠡ᠂
8 ᠭᠠᠵᠠᠷ ᠤᠨ ᠬᠢᠨ ᠲᠠᠢ ᠶᠠᠷᠢ ᠲᠡᠳᠡ ᠵᠢᠭᠠᠵᠤ ᠥᠭᠭᠥᠨ᠎ᠡ ᠳᠠᠯᠠᠢ ᠶᠢᠨ ᠵᠢᠭᠠᠰᠤ ᠴᠢᠮ᠎ᠠ ᠳᠤ ᠲᠠᠢᠯᠪᠤᠷᠢᠯᠠᠵᠤ ᠥᠭᠭᠥᠨ᠎ᠡ᠂
9 ᠶᠣᠬᠣᠸᠠ ᠥᠪᠡᠷ ᠦᠨ ᠢᠶᠠᠨ ᠮᠤᠲᠤᠷ ᠢᠶᠠᠷ ᠡᠢᠨ ᠬᠦ ᠦᠢᠯᠡᠳᠦᠭᠰᠡᠨ ᠭᠡᠳᠡᠭ ᠢ ᠡᠳᠡ ᠪᠦᠭᠦᠳᠡ ᠶᠢᠨ ᠳᠤᠮᠳᠠ ᠬᠡᠨ ᠨᠢ ᠮᠡᠳᠡᠳᠡᠭ ᠦᠭᠡᠢ ᠶᠤᠮ ᠪᠤᠢ︖
10 ᠠᠮᠢᠳᠤ ᠪᠦᠬᠦᠨ ᠦ ᠠᠮᠢ ᠬᠢᠭᠡᠳ ᠮᠢᠬᠠᠨ ᠪᠡᠶᠡᠲᠦ ᠪᠦᠬᠦ ᠬᠥᠮᠦᠨ ᠦ ᠠᠮᠢᠰᠬᠤᠯ ᠲᠡᠭᠦᠨ ᠦ ᠮᠤᠲᠤᠷ ᠲᠤ ᠪᠠᠢᠳᠠᠭ᠃
11 ᠠᠮᠠ ᠬᠣᠭᠣᠯᠠ ᠶᠢ ᠠᠮᠲᠠᠯᠠᠳᠠᠭ ᠤᠨ ᠠᠳᠠᠯᠢ ᠴᠢᠬᠢ ᠦᠭᠡ ᠶᠢ ᠢᠯᠭᠠᠳᠠᠭ ᠪᠤᠰᠤ ᠤᠤ︖
12 ᠠᠬᠠᠮᠠᠳ ᠲᠤ ᠮᠡᠷᠭᠡᠨ ᠤᠬᠠᠭᠠᠨ ᠥᠨᠳᠥᠷ ᠨᠠᠰᠤᠲᠠᠨ ᠳᠤ ᠤᠬᠠᠭᠠᠷᠠᠯ ᠪᠠᠢᠳᠠᠭ ᠴᠤ
13 ᠮᠡᠷᠭᠡᠨ ᠤᠬᠠᠭᠠᠨ ᠪᠣᠯᠣᠨ ᠬᠦᠴᠦᠲᠦ ᠦᠢᠯᠡᠰ ᠪᠣᠯ ᠪᠤᠷᠬᠠᠨ ᠤ ᠬᠢ᠂ ᠵᠥᠪᠯᠡᠯᠭᠡ ᠪᠣᠯᠣᠨ ᠤᠬᠠᠭᠠᠷᠠᠯ ᠪᠠᠰᠠ ᠲᠡᠭᠦᠨ ᠦ ᠬᠢ᠂
14 ᠬᠠᠷᠠ᠂ ᠲᠡᠭᠦᠨ ᠦ ᠨᠤᠷᠠᠭᠠᠭᠰᠠᠨ ᠨᠢ ᠪᠣᠰᠬᠠᠭᠳᠠᠬᠤ ᠦᠭᠡᠢ ᠲᠡᠭᠦᠨ ᠦ ᠬᠣᠷᠢᠭᠰᠠᠨ ᠬᠥᠮᠦᠨ ᠨᠢ ᠰᠤᠯᠠᠯᠠᠭᠳᠠᠬᠤ ᠦᠭᠡᠢ᠂
15 ᠬᠠᠷᠠ᠂ ᠲᠡᠷᠡ ᠤᠰᠤ ᠶᠢ ᠵᠣᠭᠰᠣᠭᠠᠪᠠᠯ ᠭᠠᠵᠠᠷ ᠭᠠᠩᠳᠠᠨ᠎ᠠ ᠲᠡᠷᠡ ᠤᠰᠤ ᠶᠢ ᠲᠠᠯᠪᠢᠪᠠᠯ ᠭᠠᠵᠠᠷ ᠲᠤ ᠦᠶᠡᠷ ᠪᠣᠯᠣᠨ᠎ᠠ᠂
16 ᠰᠦᠷ ᠬᠦᠴᠦ᠂ ᠰᠡᠴᠡᠨ ᠤᠬᠠᠭᠠᠨ ᠲᠡᠭᠦᠨ ᠦ ᠬᠢ ᠮᠡᠬᠡᠯᠡᠭᠦᠯᠦᠭᠴᠢ ᠮᠡᠬᠡᠯᠡᠭᠴᠢ ᠬᠣᠶᠠᠭᠤᠯᠠ ᠪᠠᠨ ᠲᠡᠭᠦᠨ ᠦ ᠬᠢ᠂
17 ᠲᠡᠷᠡ ᠪᠡᠷ ᠵᠥᠪᠯᠡᠭᠴᠢᠳ ᠢ ᠴᠤ ᠬᠥᠯ ᠨᠢᠴᠦᠭᠦᠨ ᠴᠥᠯᠡᠵᠦ ᠰᠢᠭᠦᠭᠴᠢᠳ ᠢ ᠴᠤ ᠳᠣᠭᠣᠭᠢ ᠪᠣᠯᠭᠠᠳᠠᠭ᠂
18 ᠬᠠᠭᠠᠳ ᠤᠨ ᠪᠦᠰᠡ ᠶᠢ ᠲᠠᠢᠯᠵᠤ ᠪᠡᠯᠬᠡᠭᠦᠰᠦ ᠶᠢ ᠨᠢ ᠣᠭᠣᠰᠣᠷ ᠢᠶᠠᠷ ᠬᠦᠯᠢᠳᠡᠭ᠂
19 ᠲᠠᠬᠢᠯᠴᠢᠳ ᠢ ᠬᠥᠯ ᠨᠢᠴᠦᠭᠦᠨ ᠴᠥᠯᠡᠵᠦ ᠬᠦᠴᠦᠲᠡᠳ ᠢ ᠴᠤ ᠬᠥᠮᠥᠷᠢᠳᠡᠭ᠂
20 ᠢᠲᠡᠭᠡᠮᠵᠢᠲᠦ ᠬᠥᠮᠦᠨ ᠦ ᠶᠠᠷᠢᠶ᠎ᠠ ᠶᠢ ᠦᠭᠡᠶᠢᠰᠬᠡᠵᠦ ᠠᠬᠠᠮᠠᠳ ᠤᠨ ᠠᠪᠬᠠᠯᠵᠢ ᠶᠢ ᠠᠪᠠᠴᠢᠳᠠᠭ᠂
21 ᠨᠣᠶᠠᠳ ᠤᠨ ᠳᠡᠭᠡᠷ᠎ᠡ ᠪᠠᠰᠤᠮᠵᠢᠯᠠᠯ ᠢ ᠠᠰᠬᠠᠵᠤ ᠬᠦᠴᠦᠲᠡᠳ ᠦᠨ ᠵᠡᠪᠰᠡᠭ ᠢ ᠬᠤᠷᠢᠶᠠᠮᠵᠢᠯᠠᠳᠠᠭ᠂
22 ᠬᠠᠷᠠᠩ᠋ᠭᠤᠢ ᠶᠢᠨ ᠭᠦᠨ ᠢ ᠢᠯᠡᠴᠢᠯᠡᠵᠦ ᠦᠬᠦᠯ ᠦᠨ ᠰᠡᠭᠦᠳᠡᠷ ᠢ ᠭᠡᠷᠡᠯ ᠳᠦ ᠠᠪᠴᠢᠷᠠᠳᠠᠭ᠂
23 ᠦᠨᠳᠦᠰᠦᠲᠡᠨ ᠨᠦᠭᠦᠳ ᠢ ᠴᠡᠴᠡᠭᠯᠡᠭᠦᠯᠳᠡᠭ᠂ ᠪᠠᠰᠠ ᠤᠰᠠᠳᠬᠠᠳᠠᠭ ᠦᠨᠳᠦᠰᠦᠲᠡᠨ ᠨᠦᠭᠦᠳ ᠢ ᠪᠤᠵᠠᠭᠠᠢᠷᠠᠭᠤᠯᠳᠠᠭ᠂ ᠪᠠᠰᠠ ᠪᠤᠲᠠᠷᠠᠭᠠᠳᠠᠭ᠂
24 ᠭᠠᠵᠠᠷ ᠤᠨ ᠤᠳᠤᠷᠢᠳᠤᠭᠴᠢ ᠶᠢᠨ ᠣᠶᠤᠨ ᠢ ᠠᠪᠠᠴᠢᠵᠤ ᠵᠠᠮ ᠦᠭᠡᠢ ᠴᠥᠯ ᠳᠤ ᠲᠡᠳᠡᠨ ᠢ ᠲᠡᠨᠦᠭᠦᠴᠢᠯᠡᠭᠦᠯᠳᠡᠭ᠂
25 ᠭᠡᠷᠡᠯ ᠦᠭᠡᠢ ᠬᠠᠷᠠᠩ᠋ᠭᠤᠢ ᠳᠤ ᠲᠡᠮᠲᠡᠴᠢᠭᠦᠯᠵᠦ ᠰᠣᠭᠲᠣᠭᠤ ᠬᠥᠮᠦᠨ ᠰᠢᠭ ᠭᠤᠢᠪᠢᠭᠤᠯᠳᠠᠭ᠃