ᠶᠣᠪ ᠭᠤᠴᠢᠨ ᠨᠢᠭᠡ
1 ᠪᠢ ᠨᠢᠳᠦ ᠲᠠᠢ ᠪᠠᠨ ᠭᠡᠷ᠎ᠡ ᠪᠠᠢᠭᠤᠯᠤᠭᠰᠠᠨ᠂ ᠪᠦᠰᠡᠭᠦᠢ ᠬᠥᠮᠦᠨ ᠢ ᠪᠢ ᠬᠡᠷᠬᠢᠨ ᠰᠢᠷᠲᠡᠵᠦ ᠪᠣᠯᠣᠨ᠎ᠠ ᠪᠤᠢ︖
2 ᠳᠡᠭᠡᠷ᠎ᠡ ᠪᠤᠢ ᠪᠤᠷᠬᠠᠨ ᠤ ᠬᠦᠷᠲᠡᠭᠡᠬᠦ ᠬᠤᠪᠢ ᠲᠡᠭᠦᠰ ᠬᠦᠴᠦᠲᠡᠨ ᠦ ᠣᠯᠭᠣᠬᠤ ᠥᠪ ᠶᠠᠭᠤ ᠭᠡᠪᠡᠯ᠂
3 ᠪᠤᠷᠤᠭᠤᠲᠠᠨ ᠳᠤ ᠭᠠᠢ ᠮᠠᠭᠤ ᠶᠢ ᠦᠢᠯᠡᠳᠦᠭᠴᠢᠳ ᠲᠤ ᠭᠠᠮᠰᠢᠭ ᠪᠤᠰᠤ ᠤᠤ︖
4 ᠵᠠᠮ ᠮᠥᠷ ᠢ ᠮᠢᠨᠢ ᠲᠡᠷᠡ ᠠᠵᠢᠭᠯᠠᠵᠤ ᠠᠯᠬᠤᠮ ᠪᠦᠷᠢ ᠶᠢ ᠮᠢᠨᠢ ᠲᠡᠷᠡ ᠲᠣᠭᠠᠯᠠᠵᠤ ᠪᠠᠢᠭ᠎ᠠ ᠪᠢᠰᠢ ᠤᠤ︖
5 ᠬᠡᠷᠪᠡ ᠠᠯᠬᠤᠮ ᠮᠢᠨᠢ ᠬᠠᠭᠤᠷᠮᠠᠭ᠂ ᠬᠥᠯ ᠮᠢᠨᠢ ᠮᠡᠬᠡᠯᠡᠯ ᠳᠦ ᠰᠢᠭᠤᠷᠬᠠᠢ ᠪᠠᠢᠭᠰᠠᠨ ᠪᠣᠯ᠂
6 (ᠪᠢ ᠰᠢᠳᠤᠷᠭᠤ ᠲᠡᠩᠨᠡᠭᠦᠷ ᠢᠶᠡᠷ ᠬᠡᠮᠵᠢᠭᠳᠡᠵᠦ ᠪᠤᠷᠬᠠᠨ ᠪᠤᠷᠤᠭᠤ ᠦᠭᠡᠢ ᠶᠢ ᠮᠢᠨᠢ ᠮᠡᠳᠡᠭᠰᠡᠨ ᠴᠤ ᠪᠣᠯᠣᠭᠠᠰᠠᠢ᠃)
7 ᠠᠯᠬᠤᠮ ᠮᠢᠨᠢ ᠲᠡᠭᠦᠨ ᠦ ᠵᠠᠮ ᠠᠴᠠ ᠡᠷᠭᠢᠨ ᠵᠢᠷᠦᠬᠡ ᠮᠢᠨᠢ ᠨᠢᠳᠦ ᠪᠡᠨ ᠳᠠᠭᠠᠵᠤ ᠠᠯᠠᠭ᠎ᠠ ᠮᠢᠨᠢ ᠠᠯᠢ ᠨᠢᠭᠡ ᠲᠣᠯᠪᠣ ᠶᠢ ᠨᠠᠭᠠᠯᠳᠤᠭᠤᠯᠤᠭᠰᠠᠨ ᠪᠣᠯ᠂
8 ᠲᠠᠷᠢᠭᠰᠠᠨ ᠢ ᠮᠢᠨᠢ ᠥᠭᠡᠷ᠎ᠡ ᠬᠥᠮᠦᠨ ᠢᠳᠡᠭ ᠦᠷ᠎ᠡ ᠲᠠᠷᠢᠶ᠎ᠠ ᠮᠢᠨᠢ ᠦᠨᠳᠦᠰᠦ ᠪᠡᠷ ᠢᠶᠠᠨ ᠰᠤᠭᠤᠷᠠᠭ᠃
9 ᠵᠢᠷᠦᠬᠡ ᠮᠢᠨᠢ ᠥᠭᠡᠷ᠎ᠡ ᠡᠮᠡᠭᠲᠡᠢ ᠤᠷᠤᠭᠤ ᠲᠠᠲᠠᠭᠳᠠᠵᠤ ᠬᠥᠷᠰᠢ ᠶᠢᠨ ᠢᠶᠠᠨ ᠡᠭᠦᠳᠡᠨ ᠳᠦ ᠪᠢ ᠭᠡᠲᠡᠭᠰᠡᠨ ᠪᠣᠯ᠂
10 ᠮᠢᠨᠦ ᠡᠬᠡᠨᠡᠷ ᠥᠭᠡᠷ᠎ᠡ ᠡᠷ᠎ᠡ ᠶᠢᠨ ᠲᠥᠯᠥᠭᠡ ᠲᠠᠷᠢᠶ᠎ᠠ ᠴᠠᠢᠷᠠᠭᠤᠯᠤᠭ ᠥᠭᠡᠷ᠎ᠡ ᠡᠷᠡᠴᠦᠳ ᠲᠡᠭᠦᠨ ᠦ ᠳᠡᠭᠡᠷ᠎ᠡ ᠡᠴᠡ ᠲᠣᠩ᠋ᠭᠣᠢᠭ᠂
11 ᠲᠡᠷᠡ ᠨᠢ ᠰᠢᠪᠰᠢᠭᠲᠦ ᠬᠡᠷᠡᠭ ᠰᠢᠳᠬᠡᠭᠳᠡᠪᠡᠯ ᠵᠣᠬᠢᠬᠤ ᠭᠡᠮ ᠪᠤᠶᠤ
12 ᠰᠥᠨᠥᠲᠡᠯᠡ ᠰᠢᠲᠠᠭᠠᠳᠠᠭ ᠭᠠᠯ ᠪᠥᠭᠡᠳ ᠦᠷ᠎ᠡ ᠲᠠᠷᠢᠶ᠎ᠠ ᠶᠢ ᠮᠢᠨᠢ ᠦᠨᠳᠦᠰᠦ ᠪᠡᠷ ᠨᠢ ᠤᠰᠠᠳᠬᠠᠬᠤ ᠪᠣᠯᠣᠨ᠎ᠠ᠃
13 ᠵᠠᠷᠤᠴᠠ ᠰᠢᠪᠡᠭᠴᠢᠳ ᠮᠢᠨᠢ ᠨᠠᠳᠠ ᠳᠤ ᠭᠣᠮᠣᠳᠠᠯ ᠭᠠᠷᠭᠠᠬᠤ ᠳᠤ ᠵᠥᠪ ᠪᠤᠰᠤ ᠪᠠᠷ ᠪᠢ ᠬᠠᠷᠢᠭᠤᠯᠤᠭᠰᠠᠨ ᠪᠣᠯ᠂
14 ᠪᠤᠷᠬᠠᠨ ᠪᠣᠰᠬᠤ ᠳᠤ ᠪᠢ ᠶᠠᠭᠠᠬᠢᠬᠤ ᠪᠢᠯᠡ︖ ᠨᠠᠮᠠᠶᠢ ᠪᠠᠢᠴᠠᠭᠠᠬᠤ ᠳᠤ ᠪᠢ ᠶᠠᠭᠤ ᠭᠡᠵᠦ ᠬᠠᠷᠢᠭᠤᠯᠬᠤ ᠪᠢᠯᠡ︖
15 ᠨᠠᠮᠠᠶᠢ ᠬᠡᠪᠡᠯᠢ ᠳᠣᠲᠣᠷ᠎ᠠ ᠪᠦᠲᠦᠭᠡᠭᠰᠡᠨ ᠲᠡᠷᠡ ᠲᠡᠳᠡᠨ ᠢ ᠴᠤ ᠪᠦᠲᠦᠭᠡᠭᠰᠡᠨ ᠪᠢᠰᠢ ᠤᠤ︖ ᠠᠳᠠᠯᠢ ᠨᠢᠭᠡᠨ ᠨᠢ ᠪᠢᠳᠡᠨ ᠢ ᠰᠠᠪᠠ ᠶᠢᠨ ᠳᠣᠲᠣᠷ᠎ᠠ ᠲᠣᠭᠲᠠᠭᠠᠭᠰᠠᠨ ᠪᠢᠰᠢ ᠤᠤ︖
16 ᠪᠢ ᠦᠭᠡᠭᠦᠦ ᠬᠥᠮᠦᠰ ᠦᠨ ᠬᠦᠰᠡᠯᠲᠡ ᠶᠢ ᠦᠯᠦ ᠵᠥᠪᠰᠢᠶᠡᠷᠡᠵᠦ ᠪᠡᠯᠪᠡᠰᠦᠨ ᠡᠮᠡᠭᠲᠡᠢ ᠶᠢᠨ ᠨᠢᠳᠦ ᠶᠢ ᠪᠥᠯᠴᠢᠢᠯᠭᠡᠭᠰᠡᠨ ᠪᠣᠯ᠂
17 ᠥᠨᠥᠴᠢᠨ ᠨᠢᠭᠡᠨ ᠳᠦ ᠢᠳᠡᠭᠦᠯᠦᠯ ᠦᠭᠡᠢ ᠬᠣᠭᠣᠯᠠ ᠪᠠᠨ ᠭᠠᠭᠴᠠᠭᠠᠷ ᠢᠳᠡᠭᠰᠡᠨ ᠪᠣᠯ᠂
18 (ᠬᠠᠷᠢᠨ ᠪᠢ ᠪᠠᠭ᠎ᠠ ᠠᠴᠠ ᠪᠠᠨ ᠯᠠ ᠥᠨᠥᠴᠢᠨ ᠬᠡᠦᠬᠡᠳ ᠢ ᠥᠪᠡᠷ ᠦᠨ ᠬᠢᠨᠢ ᠡᠴᠢᠭᠡ ᠨᠢ ᠰᠢᠭ ᠥᠰᠭᠡᠵᠦ ᠪᠠᠢᠭᠰᠠᠨ᠂ ᠲᠥᠷᠥᠭᠰᠡᠨ ᠴᠠᠭ ᠠᠴᠠ ᠪᠠᠨ ᠬᠣᠢᠰᠢ ᠪᠡᠯᠪᠡᠰᠦᠨ ᠡᠮᠡᠭᠲᠡᠢ ᠶᠢ ᠲᠡᠳᠬᠦᠵᠦ ᠪᠠᠢᠭᠰᠠᠨ᠂)
19 ᠪᠢ ᠬᠤᠪᠴᠠᠰᠤ ᠦᠭᠡᠢ᠂ ᠬᠤᠴᠢᠯᠭ᠎ᠠ ᠦᠭᠡᠢ ᠳᠣᠣᠷᠠᠳᠠᠵᠤ ᠪᠤᠢ ᠶᠠᠳᠠᠭᠤ ᠶᠢ ᠬᠠᠷᠠᠭᠠᠳ
20 ᠬᠣᠨᠢᠨ ᠤ ᠪᠠᠨ ᠤᠩ᠋ᠭᠠᠰᠤ ᠪᠠᠷ ᠳᠤᠯᠠᠭᠠᠴᠠᠭᠤᠯᠤᠭᠠ ᠦᠭᠡᠢ ᠪᠠᠢᠵᠤ ᠲᠡᠷᠡ ᠬᠥᠮᠦᠰ ᠨᠠᠮᠠᠶᠢ ᠴᠢᠩ ᠰᠡᠳᠬᠢᠯ ᠡᠴᠡ ᠪᠡᠨ ᠢᠷᠥᠭᠡᠭᠡ ᠦᠭᠡᠢ ᠪᠣᠯ᠂
21 ᠰᠢᠭᠦᠯᠲᠡ ᠳᠡᠭᠡᠷ᠎ᠡ ᠨᠠᠮᠠᠶᠢ ᠳᠡᠮᠵᠢᠭᠴᠢ ᠪᠠᠢᠬᠤ ᠶᠢ ᠬᠠᠷᠠᠭᠠᠳ ᠥᠨᠥᠴᠢᠨ ᠤ ᠡᠰᠡᠷᠭᠦ ᠭᠠᠷ ᠢᠶᠠᠨ ᠳᠠᠯᠠᠢᠭᠰᠠᠨ ᠪᠣᠯ᠂
22 ᠭᠠᠷ ᠮᠢᠨᠢ ᠮᠥᠷᠥ ᠡᠴᠡ ᠪᠡᠨ ᠮᠤᠯᠲᠤᠷᠠᠭ ᠰᠤᠭᠤᠨ ᠠᠴᠠ ᠪᠠᠨ ᠰᠠᠯᠤᠭ᠂
23 ᠪᠢ ᠪᠤᠷᠬᠠᠨ ᠠᠴᠠ ᠢᠷᠡᠬᠦ ᠭᠠᠮᠰᠢᠭ ᠠᠴᠠ ᠠᠶᠤᠳᠠᠭ ᠲᠡᠭᠦᠨ ᠦ ᠰᠦᠷ ᠬᠦᠴᠦ ᠡᠴᠡ ᠡᠮᠢᠶᠡᠳᠡᠭ ᠲᠤᠯᠠ ᠲᠡᠭᠡᠵᠦ ᠴᠢᠳᠠᠬᠤ ᠦᠭᠡᠢ᠃
24 ᠪᠢ ᠠᠯᠲᠠᠨ ᠳᠤ ᠢᠲᠡᠭᠡᠯ ᠢᠶᠡᠨ ᠲᠠᠯᠪᠢᠵᠤ ᠰᠢᠵᠢᠷ ᠠᠯᠲᠠᠨ ᠳᠤ 《ᠮᠢᠨᠦ ᠨᠠᠢᠳᠠᠪᠤᠷᠢ》 ᠭᠡᠵᠦ ᠬᠡᠯᠡᠭᠰᠡᠨ ᠪᠣᠯ᠂
25 ᠪᠢ ᠡᠯᠪᠡᠭ ᠪᠠᠶᠠᠯᠢᠭ ᠲᠠᠭᠠᠨ ᠭᠠᠷ ᠢᠶᠠᠷ ᠢᠶᠠᠨ ᠬᠤᠷᠢᠶᠠᠭᠰᠠᠨ ᠦᠯᠡᠮᠵᠢ ᠬᠥᠷᠥᠩᠭᠡᠨ ᠳᠡᠭᠡᠨ ᠪᠠᠶᠠᠷᠯᠠᠭᠰᠠᠨ ᠪᠣᠯ᠂
26 ᠨᠠᠷᠠᠨ ᠤ ᠰᠠᠴᠤᠷᠠᠯᠲᠠ ᠶᠢ ᠰᠠᠷᠠᠨ ᠤ ᠵᠢᠪᠬᠤᠭ᠎ᠠ ᠲᠠᠢ ᠪᠠᠷ ᠨᠡᠭᠦᠬᠦ ᠶᠢ ᠬᠠᠷᠠᠭᠠᠳ
27 ᠵᠢᠷᠦᠬᠡ ᠮᠢᠨᠢ ᠰᠡᠮᠬᠡᠨ ᠢᠶᠡᠷ ᠤᠷᠤᠭᠤ ᠲᠠᠲᠠᠭᠳᠠᠨ ᠭᠠᠷ ᠢᠶᠠᠨ ᠣᠷᠣᠭᠤᠯ ᠢᠶᠠᠷ ᠢᠶᠠᠨ ᠦᠨᠦᠰᠴᠦ ᠪᠠᠢᠭᠰᠠᠨ ᠪᠣᠯ᠂
28 ᠪᠢ ᠡᠳᠡᠭᠡᠷ ᠢᠶᠡᠷ ᠰᠢᠳᠬᠡᠭᠳᠡᠪᠡᠰᠦ ᠵᠣᠬᠢᠬᠤ ᠭᠡᠮ ᠲᠡᠢ ᠪᠠᠢᠬᠤ ᠰᠠᠨ ᠡᠨᠡ ᠪᠣᠯ ᠳᠡᠭᠡᠷ᠎ᠡ ᠪᠤᠢ ᠪᠤᠷᠬᠠᠨ ᠠᠴᠠ ᠲᠡᠷᠰᠯᠡᠬᠦ ᠬᠡᠷᠡᠭ ᠶᠤᠮ᠃
29 ᠪᠢ ᠳᠠᠢᠰᠤᠨ ᠤ ᠪᠠᠨ ᠰᠦᠢᠷᠡᠯ ᠳᠦ ᠪᠠᠶᠠᠷᠯᠠᠵᠤ ᠭᠠᠢ ᠲᠣᠬᠢᠶᠠᠯᠳᠤᠬᠤ ᠳᠤᠨᠢ ᠣᠩᠭᠢᠷᠠᠵᠤ ᠪᠠᠢᠭᠰᠠᠨ ᠪᠣᠯ᠂
30 (ᠠᠮᠢ ᠶᠢ ᠨᠢ ᠠᠪᠬᠤ ᠬᠠᠷᠢᠶᠠᠯ ᠢᠶᠠᠷ ᠠᠮᠠ ᠮᠢᠨᠢ ᠨᠢᠭᠦᠯ ᠦᠢᠯᠡᠳᠦᠭᠡ ᠦᠭᠡᠢ ᠪᠠᠢᠭᠰᠠᠨ᠂)
31 ᠮᠢᠨᠦ ᠮᠠᠢᠬᠠᠨ ᠤ ᠬᠢᠨ 〈ᠶᠣᠪ ᠤᠨ ᠮᠢᠬ᠎ᠠ ᠪᠠᠷ ᠴᠠᠳᠤᠭ᠎ᠠ ᠦᠭᠡᠢ ᠬᠡᠨ ᠪᠠᠢᠨ᠎ᠠ︖〉 ᠭᠡᠵᠦ ᠬᠡᠯᠡᠭᠡ ᠦᠭᠡᠢ ᠪᠣᠯ᠂
32 (ᠠᠶᠠᠨ ᠤ ᠬᠥᠮᠦᠨ ᠳᠦ ᠪᠢ ᠡᠭᠦᠳᠡ ᠪᠡᠨ ᠨᠡᠭᠡᠭᠡᠳᠡᠭ ᠤᠴᠢᠷ ᠬᠠᠷᠢ ᠬᠥᠮᠦᠨ ᠭᠠᠳᠠᠭ᠎ᠠ ᠬᠣᠨᠣᠵᠤ ᠪᠠᠢᠭᠰᠠᠨ ᠦᠭᠡᠢ᠂)
33 ᠪᠢ ᠭᠡᠮ ᠢᠶᠡᠨ ᠡᠪᠦᠷ ᠲᠡᠭᠡᠨ ᠨᠢᠭᠤᠨ ᠪᠤᠰᠤᠳ ᠬᠥᠮᠦᠨ 11 ᠲᠠᠢ ᠠᠳᠠᠯᠢ ᠪᠤᠷᠤᠭᠤ ᠪᠠᠨ ᠳᠠᠯᠳᠠᠯᠠᠳᠠᠭ ᠪᠠᠢᠭᠰᠠᠨ ᠪᠣᠯ᠂
34 ᠪᠢ ᠣᠯᠠᠨ ᠲᠦᠮᠡᠨ ᠡᠴᠡ ᠠᠶᠤᠨ ᠪᠦᠯᠢ ᠶᠢᠨ ᠬᠢᠨ ᠤ ᠪᠠᠨ ᠵᠢᠭ᠍ᠰᠢᠯ ᠡᠴᠡ ᠵᠢᠷᠦᠬᠡᠰᠢᠶᠡᠭᠰᠡᠨ ᠳᠡᠭᠡᠨ ᠡᠭᠦᠳᠡ ᠪᠡᠷ ᠭᠠᠷᠤᠯ ᠦᠭᠡᠢ ᠳᠠᠭᠤ ᠪᠠᠨ ᠬᠤᠷᠢᠶᠠᠵᠤ ᠪᠠᠢᠭᠰᠠᠨ ᠪᠣᠯ᠂
35 (ᠬᠡᠨ ᠨᠢᠭᠡ ᠨᠢ ᠮᠢᠨᠦᠬᠢ ᠶᠢ ᠰᠣᠨᠣᠰᠳᠠᠭ ᠴᠤ ᠪᠣᠯᠣᠭᠠᠰᠠᠢ᠂ ᠬᠠᠷ᠎ᠠ᠂ ᠭᠠᠷ ᠤᠨ ᠦᠰᠦᠭ ᠮᠢᠨᠢ ᠡ᠊ᠨᠳᠡ ᠪᠠᠢᠨ᠎ᠠ᠂ ᠲᠡᠭᠦᠰ ᠬᠦᠴᠦᠲᠡᠨ ᠨᠠᠳᠠ ᠳᠤ ᠬᠠᠷᠢᠭᠤᠯᠬᠤ ᠴᠤ ᠪᠣᠯᠣᠭᠠᠰᠠᠢ ᠨᠠᠮᠠᠶᠢ ᠵᠠᠭᠠᠯᠳᠤᠭᠴᠢ ᠶᠢᠨ ᠪᠢᠴᠢᠭᠰᠡᠨ ᠵᠠᠭᠠᠯᠳᠤᠯᠭ᠎ᠠ ᠪᠠᠢᠭᠰᠠᠨ ᠴᠤ ᠪᠣᠯᠣᠭᠠᠰᠠᠢ︕
36 ᠲᠡᠭᠡᠪᠡᠯ ᠪᠢ ᠯᠠᠪ ᠲᠡᠳᠡᠭᠡᠷ ᠢ ᠮᠥᠷᠥᠨ ᠳᠡᠭᠡᠨ ᠡᠭᠦᠷᠬᠦ ᠰᠠᠨ ᠥᠪᠡᠷ ᠲᠡᠭᠡᠨ ᠲᠢᠲᠢᠮ ᠮᠡᠲᠦ ᠵᠡᠭᠦᠬᠦ ᠰᠠᠨ᠂
37 ᠲᠡᠭᠦᠨ ᠳᠦ ᠪᠦᠬᠦ ᠦᠢᠯᠡ ᠮᠥᠷ ᠢᠶᠡᠨ ᠨᠢᠭᠡ ᠨᠢᠭᠡ ᠪᠡᠷ ᠨᠢ ᠮᠡᠳᠡᠭᠦᠯᠵᠦ ᠬᠠᠨ ᠬᠦᠦ ᠮᠡᠲᠦ ᠲᠡᠭᠦᠨ ᠤᠷᠤᠭᠤ ᠳᠥᠭᠥᠨ ᠣᠴᠢᠬᠤ ᠰᠠᠨ᠃)
38 ᠭᠠᠵᠠᠷ ᠮᠢᠨᠢ ᠨᠠᠳᠠ ᠤᠷᠤᠭᠤ ᠬᠠᠰᠬᠢᠷᠤᠨ ᠬᠠᠭᠠᠯᠤᠭᠰᠠᠨ ᠱᠠᠩ ᠤᠳ ᠨᠢ ᠬᠠᠮᠲᠤ ᠳᠠᠭᠠᠨ ᠤᠬᠢᠯᠠᠵᠤ ᠪᠠᠢᠭ᠎ᠠ ᠪᠣᠯ᠂
39 ᠪᠢ ᠭᠠᠷᠤᠯᠲᠠ ᠶᠢ ᠨᠢ ᠦᠨ᠎ᠡ ᠲᠥᠯᠥᠯ ᠦᠭᠡᠢ ᠢᠳᠡᠵᠦ ᠬᠥᠯᠥᠰᠥᠨ ᠦ ᠬᠥᠮᠦᠰ ᠦᠨ ᠬᠢᠨᠢ ᠤᠷᠮ᠎ᠠ ᠶᠢ ᠬᠤᠭᠤᠯᠤᠭᠰᠠᠨ ᠪᠣᠯ᠂
40 ᠪᠤᠭᠤᠳᠠᠢ ᠶᠢᠨ ᠣᠷᠣᠨ ᠳᠤ ᠥᠷᠭᠡᠰᠦᠲᠦ ᠪᠤᠲᠠ ᠠᠷᠪᠠᠢ ᠶᠢᠨ ᠣᠷᠣᠨ ᠳᠤ ᠰᠢᠷᠠᠯᠵᠢ ᠤᠷᠭᠤᠭ》 ᠭᠡᠪᠡ᠃ ᠡᠢᠨ ᠬᠦ ᠶᠣᠪ ᠤᠨ ᠦᠭᠡ ᠳᠠᠭᠤᠰᠴᠠᠢ᠃