ᠶᠣᠪ ᠬᠣᠷᠢᠨ ᠳᠣᠯᠣᠭ᠎ᠠ
1 ᠶᠣᠪ ᠶᠠᠷᠢᠶ᠎ᠠ ᠪᠠᠨ ᠦᠷᠭᠦᠯᠵᠢᠯᠡᠭᠦᠯᠵᠦ᠄
2 《ᠰᠢᠳᠤᠷᠭᠤ ᠶᠢ ᠨᠠᠳᠠ ᠠᠴᠠ ᠵᠠᠢᠯᠠᠭᠤᠯᠤᠭᠰᠠᠨ ᠪᠤᠷᠬᠠᠨ᠂ ᠰᠦᠨᠡᠰᠦ ᠶᠢ ᠮᠢᠨᠢ ᠭᠠᠰᠢᠭᠤᠨ ᠪᠣᠯᠭᠠᠭᠰᠠᠨ ᠲᠡᠭᠦᠰ ᠬᠦᠴᠦᠲᠡᠨ ᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂
3 ᠮᠢᠨᠦ ᠳᠣᠲᠣᠷ᠎ᠠ ᠠᠮᠢ ᠪᠠᠢᠭᠰᠠᠭᠠᠷ ᠪᠠᠢᠵᠤ ᠬᠠᠮᠠᠷ ᠲᠤ ᠮᠢᠨᠢ ᠪᠤᠷᠬᠠᠨ ᠤ ᠠᠮᠢᠰᠬᠤᠯ ᠪᠠᠢᠭᠰᠠᠭᠠᠷ ᠪᠠᠢᠬᠤ ᠬᠤᠭᠤᠴᠠᠭᠠᠨ ᠳᠤ
4 ᠣᠷᠣᠭᠤᠯ ᠮᠢᠨᠢ ᠬᠣᠷᠣᠨ ᠮᠠᠭᠤ ᠶᠢ ᠶᠠᠷᠢᠬᠤ ᠦᠭᠡᠢ ᠬᠡᠯᠡ ᠮᠢᠨᠢ ᠬᠠᠭᠤᠷᠮᠠᠭ ᠢ ᠥᠭᠦᠯᠡᠬᠦ ᠦᠭᠡᠢ
5 ᠪᠢ ᠲᠠ ᠨᠠᠷ ᠢ ᠬᠡᠵᠢᠶ᠎ᠡ ᠴᠤ ᠵᠥᠪ ᠭᠡᠵᠦ ᠬᠡᠯᠡᠬᠦ ᠦᠭᠡᠢ ᠦᠬᠦᠲᠡᠯ᠎ᠡ ᠪᠡᠨ ᠥ ᠦᠭᠡᠢ ᠪᠠᠢᠳᠠᠯ ᠠᠴᠠ ᠪᠠᠨ ᠤᠬᠤᠷᠢᠬᠤ ᠦᠭᠡᠢ
6 ᠪᠢ ᠵᠥᠪᠲᠦ ᠪᠠᠢᠳᠠᠯ ᠠᠴᠠ ᠪᠠᠨ ᠵᠢᠭᠤᠷᠠᠭᠰᠠᠭᠠᠷ᠂ ᠲᠡᠭᠦᠨ ᠢ ᠲᠠᠯᠪᠢᠬᠤ ᠦᠭᠡᠢ ᠵᠢᠷᠦᠬᠡ ᠮᠢᠨᠢ ᠨᠠᠰᠤᠨ ᠲᠤᠷᠰᠢᠳᠠ ᠨᠠᠮᠠᠶᠢ ᠵᠢᠮᠡᠯᠡᠬᠦ ᠦᠭᠡᠢ᠃
7 ᠮᠢᠨᠦ ᠳᠠᠢᠰᠤᠨ ᠪᠤᠷᠤᠭᠤᠲᠠᠨ ᠮᠡᠲᠦ ᠮᠢᠨᠦ ᠡᠰᠡᠷᠭᠦ ᠪᠣᠰᠣᠭᠴᠢ ᠨᠢ ᠵᠥᠪᠲᠦ ᠪᠤᠰᠤ ᠬᠥᠮᠦᠨ ᠮᠡᠲᠦ ᠪᠣᠯᠣᠭ᠂
8 ᠪᠤᠷᠬᠠᠨ ᠠᠮᠢ ᠶᠢ ᠨᠢ ᠲᠠᠰᠤᠯᠤᠨ ᠠᠪᠠᠴᠢᠬᠤ ᠴᠠᠭ ᠲᠤ ᠬᠣᠶᠠᠷ ᠨᠢᠭᠤᠷᠲᠠᠨ ᠤ ᠨᠠᠢᠳᠠᠯᠭ᠎ᠠ ᠨᠢ ᠶᠠᠭᠤ ᠪᠤᠢ︖
9 ᠭᠠᠮᠰᠢᠭ ᠲᠡᠭᠦᠨ ᠦ ᠳᠡᠭᠡᠷ᠎ᠡ ᠢᠷᠡᠬᠦ ᠳᠦ ᠬᠠᠰᠬᠢᠷᠤᠭᠠᠨ ᠢ ᠨᠢ ᠪᠤᠷᠬᠠᠨ ᠰᠣᠨᠣᠰᠬᠤ ᠤᠤ︖
10 ᠲᠡᠷᠡ ᠲᠡᠭᠦᠰ ᠬᠦᠴᠦᠲᠡᠨ ᠦ ᠣᠷᠣᠰᠢᠬᠤᠢ ᠳᠤ ᠪᠠᠶᠠᠷᠯᠠᠬᠤ ᠤᠤ︖ ᠲᠡᠷᠡ ᠴᠠᠭ ᠦᠷᠭᠦᠯᠵᠢ ᠪᠤᠷᠬᠠᠨ ᠢ ᠳᠠᠭᠤᠳᠠᠬᠤ ᠤᠤ︖
11 ᠪᠢ ᠪᠤᠷᠬᠠᠨ ᠤ ᠬᠦᠴᠦ ᠴᠢᠳᠠᠯ ᠤᠨ ᠲᠤᠬᠠᠢ ᠲᠠ ᠨᠠᠷ ᠲᠤ ᠵᠢᠭᠠᠵᠤ ᠥᠭᠭᠥᠶ᠎ᠡ ᠲᠡᠭᠦᠰ ᠬᠦᠴᠦᠲᠡᠨ ᠦ ᠲᠤᠬᠠᠢ ᠪᠢ ᠶᠠᠭᠤ ᠴᠤ ᠨᠢᠭᠤᠬᠤ ᠦᠭᠡᠢ᠂
12 ᠬᠠᠷ᠎ᠠ᠂ ᠲᠠ ᠪᠦᠭᠦᠳᠡ ᠴᠤ ᠡᠳᠡᠭᠡᠷ ᠢ ᠬᠠᠷᠠᠯ᠎ᠠ᠂ ᠶᠠᠭᠠᠬᠢᠭᠠᠳ ᠲᠠ ᠨᠠᠷ ᠪᠦᠷ ᠬᠣᠭᠣᠰᠣᠨ ᠳᠡᠮᠡᠢ ᠶᠢ ᠶᠠᠷᠢᠭᠠᠳ ᠪᠠᠢᠨ᠎ᠠ︖
13 ᠪᠤᠷᠬᠠᠨ ᠠᠴᠠ ᠪᠤᠷᠤᠭᠤᠲᠠᠨ ᠤ ᠣᠯᠬᠤ ᠬᠤᠪᠢ ᠲᠡᠭᠦᠰ ᠬᠦᠴᠦᠲᠡᠨ ᠡᠴᠡ ᠳᠠᠷᠤᠯᠠᠭᠴᠢᠳ ᠤᠨ ᠬᠦᠷᠲᠡᠬᠦ ᠥᠪ ᠨᠢ ᠡᠨᠡ ᠶᠤᠮ᠂
14 ᠬᠥᠪᠡᠭᠦᠳ ᠨᠢ ᠣᠯᠠᠨ ᠪᠠᠢᠭᠰᠠᠨ ᠴᠤ ᠢᠯᠳᠦᠨ ᠦ ᠲᠥᠯᠥᠭᠡ ᠵᠠᠶᠠᠭᠠᠭᠳᠠᠵᠠᠢ ᠦᠷ᠎ᠡ ᠤᠳᠤᠮ ᠳᠤᠨᠢ ᠬᠠᠩ᠋ᠭᠠᠯᠤᠭᠤᠨ ᠬᠦᠨᠡᠰᠦ ᠭᠡᠵᠦ ᠦᠭᠡᠢ᠂
15 ᠦᠯᠡᠳᠡᠭᠰᠡᠳ ᠨᠢ ᠲᠠᠬᠤᠯ ᠢᠶᠠᠷ ᠦᠬᠦᠵᠦ ᠪᠤᠯᠠᠰᠢᠯᠠᠭᠳᠠᠨᠠ᠂ ᠪᠡᠯᠪᠡᠰᠦᠨ ᠡᠬᠡᠨᠡᠷ ᠤᠳ ᠨᠢ ᠤᠬᠢᠯᠠᠬᠤ ᠴᠤ ᠦᠭᠡᠢ᠂
16 ᠮᠥᠩᠭᠥ ᠶᠢ ᠰᠢᠷᠣᠢ ᠮᠡᠲᠦ ᠬᠤᠷᠢᠶᠠᠵᠤ ᠬᠤᠪᠴᠠᠰᠤ ᠶᠢ ᠰᠢᠪᠠᠷ ᠮᠡᠲᠦ ᠬᠤᠷᠠᠮᠳᠤᠭᠤᠯᠤᠭᠰᠠᠨ ᠴᠤ
17 ᠬᠤᠷᠠᠮᠳᠤᠭᠤᠯᠤᠭᠰᠠᠨ ᠢ ᠨᠢ ᠵᠥᠪᠲᠡᠨ ᠡᠮᠦᠰᠴᠦ ᠮᠥᠩᠭᠥ ᠶᠢ ᠨᠢ ᠭᠡᠮ ᠦᠭᠡᠢ ᠬᠥᠮᠦᠨ ᠬᠤᠪᠢᠶᠠᠵᠤ ᠠᠪᠤᠨ᠎ᠠ᠂
18 ᠪᠣᠰᠬᠠᠬᠤ ᠪᠠᠢᠰᠢᠩ ᠨᠢ ᠬᠣᠷᠣᠬᠠᠢ ᠶᠢᠨ ᠡᠭᠦᠷ ᠮᠠᠨᠠᠭᠠᠴᠢ ᠬᠥᠮᠦᠨ ᠦ ᠡᠪᠡᠰᠦᠨ ᠣᠪᠣᠬᠠᠢ ᠮᠡᠲᠦ ᠪᠣᠯᠣᠨ᠎ᠠ᠂
19 ᠬᠡᠪᠲᠡᠬᠦ ᠳᠡᠭᠡᠨ ᠪᠠᠶᠠᠨ ᠪᠠᠢᠭᠰᠠᠨ ᠴᠤ ᠠᠬᠢᠭᠠᠳ ᠲᠡᠢᠮᠦ ᠪᠢᠰᠢ ᠪᠣᠯᠣᠨ᠎ᠠ ᠨᠢᠳᠦ ᠪᠡᠨ ᠨᠡᠭᠡᠭᠡᠬᠦ ᠳᠦᠨᠢ ᠪᠦᠭᠦᠳᠡ ᠠᠯᠠᠭ᠎ᠠ ᠪᠣᠯᠣᠨ᠎ᠠ᠂
20 ᠠᠢᠳᠠᠰ ᠦᠶᠡᠷ ᠠᠳᠠᠯᠢ ᠬᠦᠷᠴᠦ ᠢᠷᠡᠬᠦ ᠳᠦ ᠰᠥᠨᠢ ᠶᠢᠨ ᠰᠢᠭᠤᠷᠭ᠎ᠠ ᠲᠡᠭᠦᠨ ᠢ ᠬᠤᠯᠠᠭᠠᠢᠯᠠᠨ᠎ᠠ᠂
21 ᠳᠣᠷᠣᠨ᠎ᠠ ᠶᠢᠨ ᠰᠠᠯᠬᠢ ᠲᠡᠭᠦᠨ ᠢ ᠬᠡᠶᠢᠰᠭᠡᠵᠦ ᠲᠡᠷᠡ ᠠᠯᠠᠭ᠎ᠠ ᠪᠣᠯᠣᠨ᠎ᠠ ᠪᠠᠢᠷᠢᠨ ᠠᠴᠠ ᠨᠢ ᠬᠤᠮᠢᠨ ᠠᠪᠠᠴᠢᠬᠤ ᠪᠣᠯᠣᠨ᠎ᠠ᠂
22 ᠬᠦᠴᠦᠨ ᠡᠴᠡ ᠨᠢ ᠵᠢᠭᠤᠲᠠᠨ ᠵᠢᠭᠤᠲᠠᠬᠤ ᠭᠡᠰᠡᠨ ᠴᠤ ᠲᠡᠷᠡ ᠥᠷᠥᠰᠢᠶᠡᠯ ᠦᠭᠡᠢ ᠳᠠᠭᠠᠷᠢᠵᠤ
23 ᠠᠯᠠᠭ᠎ᠠ ᠪᠠᠨ ᠲᠠᠰᠢᠨ ᠢᠰᠭᠡᠷᠴᠦ ᠪᠠᠢᠭ᠎ᠠ ᠭᠠᠵᠠᠷ ᠠᠴᠠ ᠨᠢ ᠬᠥᠭᠡᠭᠡᠨ᠎ᠡ᠃