1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠠᠷᠪᠠ ᠶᠢᠰᠦ
 ᠶᠣᠪ ᠤᠨ ᠬᠠᠷᠢᠭᠤ

1 ᠶᠣᠪ ᠬᠠᠷᠢᠭᠤᠯᠤᠨ᠄
2 《ᠲᠠ ᠨᠠᠷ ᠬᠡᠳᠦᠢ ᠪᠣᠯᠲᠠᠯ᠎ᠠ ᠰᠡᠳᠬᠢᠯ ᠢ ᠮᠢᠨᠢ ᠰᠢᠨᠠᠯᠭᠠᠨ ᠨᠠᠮᠠᠶᠢ ᠦᠭᠡ ᠪᠡᠷ ᠢᠶᠠᠨ ᠰᠢᠷᠬᠠᠲᠤᠭᠤᠯᠬᠤ ᠪᠤᠢ︖
3 ᠲᠠ ᠨᠠᠷ ᠨᠠᠮᠠᠶᠢ ᠠᠷᠪᠠᠨᠲᠠ ᠭᠤᠲᠤᠭᠠᠵᠤ ᠵᠣᠪᠠᠭᠠᠭᠰᠠᠨ ᠠᠲᠠᠯ᠎ᠠ ᠪᠠᠨ ᠢᠴᠢᠬᠦ ᠦᠭᠡᠢ ᠪᠠᠢᠨ᠎ᠠ᠂
4 ᠬᠡᠳᠦᠢᠪᠡᠷ ᠪᠢ ᠠᠯᠳᠠᠭᠰᠠᠨ ᠪᠠᠢᠯ᠎ᠠ ᠴᠤ ᠠᠯᠳᠠᠭ᠎ᠠ ᠮᠢᠨᠢ ᠨᠠᠳᠠ ᠳᠤ ᠯᠠ ᠦᠯᠡᠳᠡᠨ᠎ᠡ᠂
5 ᠲᠠ ᠨᠠᠷ ᠥᠪᠡᠷᠰᠡᠳ ᠢ ᠪᠠᠨ ᠮᠢᠨᠦ ᠳᠡᠭᠡᠭᠦᠷ ᠡᠷᠭᠦᠮᠵᠢᠯᠡᠵᠦ ᠰᠢᠪᠰᠢᠭᠲᠦ ᠪᠠᠢᠳᠠᠯ ᠳᠤ ᠮᠢᠨᠢ ᠨᠠᠮᠠᠶᠢ ᠰᠢᠭᠦᠮᠵᠢᠯᠡᠬᠦ ᠭᠡᠰᠡᠨ ᠴᠤ
6 ᠨᠠᠮᠠᠶᠢ ᠬᠢᠯᠢᠰᠳᠡᠭᠦᠯᠵᠦ᠂ ᠲᠣᠣᠷ ᠲᠠᠭᠠᠨ ᠨᠠᠮᠠᠶᠢ ᠤᠷᠢᠶᠠᠴᠠᠯᠳᠤᠭᠤᠯᠤᠭᠰᠠᠨ ᠨᠢ ᠪᠤᠷᠬᠠᠨ ᠭᠡᠳᠡᠭ ᠢ ᠮᠡᠳᠡᠲᠦᠭᠡᠢ᠃

7 ᠬᠠᠷᠠ᠂ ᠪᠢ᠄ 〈ᠬᠢᠯᠢᠰ ᠡ︕〉 ᠭᠡᠵᠦ ᠬᠠᠰᠬᠢᠷᠤᠭᠰᠠᠨ ᠴᠤ ᠬᠠᠷᠢᠭᠤ ᠠᠯᠠᠭ᠎ᠠ ᠣᠷᠢᠯᠠᠭᠰᠠᠨ ᠴᠤ ᠭᠣᠣᠯᠴᠢ ᠲᠠᠰᠤᠯᠤᠯᠲᠠ ᠠᠯᠠᠭ᠎ᠠ᠂
8 ᠵᠠᠮ ᠢ ᠮᠢᠨᠢ ᠲᠡᠷᠡ ᠪᠡᠷ ᠬᠠᠭᠠᠭᠰᠠᠨ ᠪᠢ ᠨᠡᠪᠲᠡᠷᠡᠵᠦ ᠴᠢᠳᠠᠬᠤ ᠦᠭᠡᠢ ᠨᠢ᠂ ᠵᠢᠮ ᠳᠡᠭᠡᠷ᠎ᠡ ᠮᠢᠨᠢ ᠲᠡᠷᠡ ᠬᠠᠷᠠᠩ᠋ᠭᠤᠢ ᠶᠢ ᠲᠠᠯᠪᠢᠵᠤ
9 ᠠᠯᠳᠠᠷ ᠬᠦᠨᠳᠦ ᠶᠢ ᠮᠢᠨᠢ ᠨᠠᠳᠠ ᠠᠴᠠ ᠲᠠᠢᠯᠵᠤ ᠲᠡᠷᠢᠭᠦᠨ ᠡᠴᠡ ᠮᠢᠨᠢ ᠲᠢᠲᠢᠮ ᠢ ᠵᠠᠢᠯᠠᠭᠤᠯᠤᠭᠰᠠᠨ ᠶᠤᠮ᠂
10 ᠲᠡᠷᠡ ᠨᠠᠮᠠᠶᠢ ᠲᠠᠯ᠎ᠠ ᠪᠦᠷᠢ ᠡᠴᠡ ᠨᠤᠷᠠᠭᠠᠵᠤ ᠪᠢ ᠳᠠᠭᠤᠰᠬᠤ ᠪᠣᠯᠣᠯ᠎ᠠ︕ ᠲᠡᠷᠡ ᠮᠢᠨᠦ ᠨᠠᠢᠳᠠᠪᠤᠷᠢ ᠶᠢ ᠮᠣᠳᠣ ᠰᠢᠭ᠋ ᠰᠤᠭᠤᠯᠤᠭᠰᠠᠨ᠂
11 ᠨᠠᠳᠠ ᠤᠷᠤᠭᠤ ᠬᠢᠯᠢᠩ ᠢᠶᠠᠨ ᠳᠦᠷᠡᠯᠵᠡᠭᠦᠯᠵᠦ ᠨᠠᠮᠠᠶᠢ ᠳᠠᠢᠰᠤᠨ ᠢᠶᠠᠨ ᠭᠡᠵᠦ ᠦᠵᠡᠭᠰᠡᠨ᠂
12 ᠲᠡᠭᠦᠨ ᠦ ᠴᠡᠷᠢᠭ ᠤᠳ ᠵᠡᠷᠭᠡ ᠪᠡᠷ ᠢᠷᠡᠵᠦ ᠪᠠᠢᠨ᠎ᠠ ᠨᠠᠮᠠᠶᠢ ᠴᠣᠬᠢᠬᠤ ᠪᠠᠷ ᠵᠠᠮ ᠭᠠᠷᠭᠠᠵᠤ ᠮᠠᠢᠬᠠᠨ ᠢ ᠮᠢᠨᠢ ᠪᠦᠰᠡᠯᠡᠨ ᠪᠠᠭᠤᠳᠠᠯᠯᠠᠵᠠᠢ᠃

13 ᠲᠡᠷᠡ ᠠᠬ᠎ᠠ ᠳᠡᠭᠦᠦᠰ ᠢ ᠮᠢᠨᠢ ᠨᠠᠳᠠ ᠠᠴᠠ ᠬᠣᠯᠠᠳᠠᠭᠤᠯᠤᠭᠰᠠᠨ ᠠᠨᠳᠠ ᠲᠠᠨᠢᠯ ᠤᠳ ᠮᠢᠨᠢ ᠨᠠᠳᠠ ᠠᠴᠠ ᠪᠦᠷᠢᠮᠦᠰᠦᠨ ᠬᠥᠨᠳᠡᠢᠷᠡᠵᠡᠢ᠂
14 ᠲᠥᠷᠥᠯ ᠲᠥᠷᠥᠭᠰᠡᠳ ᠮᠢᠨᠢ ᠵᠠᠢᠳᠠᠪᠠ ᠳᠣᠲᠣᠨᠣ ᠶᠢᠨ ᠨᠥᠬᠥᠳ ᠮᠢᠨᠢ ᠨᠠᠮᠠᠶᠢ ᠮᠠᠷᠲᠠᠪᠠ᠂
15 ᠮᠢᠨᠦ ᠭᠡᠷ ᠲᠦ ᠰᠠᠭᠤᠭᠴᠢᠳ ᠬᠢᠭᠡᠳ ᠮᠢᠨᠦ ᠰᠢᠪᠡᠭᠴᠢᠳ ᠨᠠᠮᠠᠶᠢ ᠭᠠᠳᠠᠨ᠎ᠠ ᠶᠢᠨ ᠬᠥᠮᠦᠨ ᠳᠦ ᠲᠣᠭᠠᠴᠠᠵᠤ ᠪᠠᠢᠨ᠎ᠠ ᠲᠡᠳᠡᠨ ᠦ ᠨᠢᠳᠦᠨ ᠳᠦ ᠪᠢ ᠲᠠᠨᠢᠯ ᠪᠤᠰᠤ ᠪᠣᠯᠵᠠᠢ᠂
16 ᠵᠠᠷᠤᠴᠠ ᠪᠠᠨ ᠳᠠᠭᠤᠳᠠᠪᠠᠴᠤ ᠲᠡᠷᠡ ᠬᠠᠷᠢᠭᠤᠯᠬᠤ ᠦᠭᠡᠢ ᠪᠠᠢᠨ᠎ᠠ᠂ ᠲᠡᠭᠦᠨ ᠡᠴᠡ ᠪᠢ ᠠᠮᠠ ᠪᠠᠷ ᠢᠶᠠᠨ ᠭᠤᠶᠤᠬᠤ ᠪᠣᠯᠵᠠᠢ᠂
17 ᠮᠢᠨᠦ ᠠᠮᠢᠰᠬᠤᠯ ᠡᠬᠡᠨᠡᠷ ᠲᠦ ᠮᠢᠨᠢ ᠵᠢᠭᠰᠢᠭᠦᠷᠢ ᠪᠣᠯᠵᠤ ᠪᠢ ᠠᠬ᠎ᠠ ᠳᠡᠭᠦᠦᠰ 6 ᠲᠡᠭᠡᠨ ᠵᠢᠪᠡᠭᠦᠦ ᠪᠣᠯᠪᠠ᠂
18 ᠪᠠᠭᠠᠴᠤᠳ ᠬᠦᠷᠲᠡᠯ᠎ᠡ ᠨᠠᠮᠠᠶᠢ ᠪᠠᠰᠤᠮᠵᠢᠯᠠᠳᠠᠭ᠂ ᠪᠣᠰᠬᠤ ᠳᠤ ᠮᠢᠨᠢ ᠲᠡᠳᠡ ᠨᠠᠮᠠᠶᠢ ᠳᠣᠷᠣᠮᠵᠢᠯᠠᠳᠠᠭ᠂
19 ᠬᠠᠨᠢ ᠨᠥᠬᠥᠳ ᠮᠢᠨᠢ ᠪᠦᠭᠦᠳᠡᠭᠡᠷ ᠨᠠᠮᠠᠶᠢ ᠵᠢᠭ᠍ᠰᠢᠵᠦ ᠬᠠᠢᠷᠠᠯᠠᠳᠠᠭ ᠬᠥᠮᠦᠰ ᠮᠢᠨᠢ ᠴᠤ ᠨᠠᠳᠠ ᠠᠴᠠ ᠡᠷᠭᠢᠵᠡᠢ᠂
20 ᠪᠢ ᠠᠷᠠᠰᠤ ᠶᠠᠰᠤ ᠪᠣᠯᠵᠤ ᠰᠢᠳᠦᠨ ᠦ ᠪᠠᠨ ᠪᠤᠢᠯᠠ ᠪᠠᠷ ᠯᠠ ᠠᠮᠢ ᠵᠢᠭᠤᠵᠤ ᠪᠠᠢᠨ᠎ᠠ᠂
21 ᠪᠤᠷᠬᠠᠨ ᠤ ᠮᠤᠲᠤᠷ ᠨᠠᠮᠠᠶᠢ ᠴᠣᠬᠢᠭᠰᠠᠨ᠂ ᠠᠨᠳᠠ ᠨᠠᠷ ᠮᠢᠨᠢ᠂ ᠲᠠ ᠨᠠᠷ ᠥᠷᠥ ᠡᠪᠡᠳᠦᠭᠡᠴᠢ᠂ ᠨᠠᠮᠠᠶᠢ ᠥᠷᠥ ᠡᠪᠡᠳᠦᠭᠡᠴᠢ᠂
22 ᠶᠠᠭᠤᠨ ᠳᠤ ᠲᠠ ᠨᠠᠷ ᠪᠤᠷᠬᠠᠨ ᠲᠠᠢ ᠨᠠᠮᠠᠶᠢ ᠬᠠᠪᠴᠢᠵᠤ ᠪᠠᠢᠨ᠎ᠠ︖ ᠮᠢᠨᠦ ᠮᠢᠬᠠᠨ ᠳᠤ ᠴᠠᠳᠬᠤ ᠦᠭᠡᠢ ᠪᠠᠢᠨ᠎ᠠ ᠤᠤ︖
23 ᠦᠭᠡᠰ ᠮᠢᠨᠢ ᠪᠢᠴᠢᠭᠳᠡᠭᠰᠡᠨ ᠴᠤ ᠪᠣᠯᠣᠭᠠᠰᠠᠢ ᠨᠣᠮ ᠳᠤ ᠪᠠᠭᠤᠯᠭᠠᠭᠳᠠᠭᠰᠠᠨ ᠴᠤ ᠪᠣᠯᠣᠭᠠᠰᠠᠢ︕
24 ᠲᠡᠮᠦᠷ ᠪᠢᠷ ᠪᠣᠯᠣᠨ ᠲᠤᠭᠤᠯᠭ᠎ᠠ ᠪᠠᠷ ᠰᠡᠢᠯᠦᠭᠳᠡᠭᠡᠳ ᠬᠠᠳᠠᠨ ᠳᠡᠭᠡᠷ᠎ᠡ ᠡᠭᠦᠷᠢᠳᠡ ᠮᠥᠩᠬᠡ ᠪᠠᠢᠬᠤ ᠴᠤ ᠪᠣᠯᠣᠭᠠᠰᠠᠢ︕

25 ᠬᠠᠷᠢᠨ ᠪᠢ ᠮᠡᠳᠡᠨ᠎ᠡ᠂ ᠨᠠᠮᠠᠶᠢ ᠵᠣᠯᠢᠨ ᠠᠪᠤᠭᠴᠢ ᠠᠮᠢᠳᠤ ᠪᠠᠢᠳᠠᠭ︕ ᠡᠴᠦᠰ ᠲᠤᠨᠢ ᠲᠡᠷᠡ ᠪᠡᠷ ᠭᠠᠵᠠᠷ ᠳᠡᠭᠡᠷ᠎ᠡ ᠵᠣᠭᠰᠣᠬᠤ ᠪᠣᠯᠣᠨ᠎ᠠ᠂
26 ᠠᠷᠠᠰᠤ ᠮᠢᠨᠢ ᠤᠰᠠᠳᠬᠠᠭᠳᠠᠭᠰᠠᠨ ᠬᠣᠢᠨ᠎ᠠ ᠪᠢ ᠪᠡᠶ᠎ᠡ ᠶᠢᠨ ᠢᠶᠠᠨ ᠭᠠᠳᠠᠨ᠎ᠠ ᠠᠴᠠ 7 ᠪᠤᠷᠬᠠᠨ ᠢ ᠦᠵᠡᠬᠦ ᠪᠣᠯᠣᠨ᠎ᠠ᠂
27 ᠪᠢ ᠥᠪᠡᠷ ᠢᠶᠡᠨ ᠲᠡᠭᠦᠨ ᠢ ᠦᠵᠡᠨ᠎ᠡ᠂ ᠪᠤᠰᠤᠳ ᠤᠨ ᠪᠢᠰᠢ᠂ ᠥᠪᠡᠷ ᠦᠨ ᠢᠶᠠᠨ ᠨᠢᠳᠦ ᠪᠡᠷ ᠲᠡᠭᠦᠨ ᠢ ᠬᠠᠷᠠᠨ᠎ᠠ᠂ ᠡᠯᠢᠭᠡ ᠵᠢᠷᠦᠬᠡ ᠮᠢᠨᠢ ᠲᠡᠰᠦᠨ ᠶᠠᠳᠠᠵᠤ ᠪᠠᠢᠨ᠎ᠠ︕
28 ᠬᠡᠷᠪᠡ ᠲᠠ ᠨᠠᠷ᠄ 〈ᠡᠨᠡ ᠬᠡᠷᠡᠭ ᠦᠨ ᠦᠨᠳᠦᠰᠦ ᠰᠢᠯᠲᠠᠭᠠᠨ ᠥᠪᠡᠷ ᠲᠤᠨᠢ ᠪᠤᠢ〉 ᠭᠡᠳ ᠨᠠᠮᠠᠶᠢ ᠬᠠᠪᠴᠢᠶ᠎ᠠ ᠭᠡᠪᠡᠯ
29 ᠢᠯᠳᠦᠨ ᠡᠴᠡ ᠠᠶᠤᠵᠠᠭ᠎ᠠ᠂ ᠬᠢᠯᠢᠩ ᠢᠯᠳᠦᠨ ᠦ ᠰᠢᠳᠬᠡᠯ ᠢ ᠠᠪᠴᠢᠷᠠᠨ᠎ᠠ᠂ ᠰᠢᠭᠦᠯᠲᠡ ᠪᠤᠢ ᠭᠡᠳᠡᠭ ᠢ ᠲᠠ ᠨᠠᠷ ᠮᠡᠳᠡᠲᠦᠭᠡᠢ》 ᠭᠡᠪᠡ᠃